ᠳᠡᠯᠡᠬᠡᠢ ᠶᠢᠨ ᠨᠠᠭᠠᠳᠤᠮ ᠠᠴᠠ ᠪ ∙ ᠪᠠᠳᠠᠷᠠᠯ ᠮᠥᠩᠭᠥᠨ ᠮᠧᠳᠠᠯ ᠬᠦᠷᠲᠡᠯ᠎ᠡ | News.MN

ᠳᠡᠯᠡᠬᠡᠢ ᠶᠢᠨ ᠨᠠᠭᠠᠳᠤᠮ ᠠᠴᠠ ᠪ ∙ ᠪᠠᠳᠠᠷᠠᠯ ᠮᠥᠩᠭᠥᠨ ᠮᠧᠳᠠᠯ ᠬᠦᠷᠲᠡᠯ᠎ᠡ

ᠳᠡᠯᠡᠬᠡᠢ ᠶᠢᠨ ᠲᠤᠯᠤᠭᠠᠨ ᠤ ᠰᠫᠣᠷᠲ ᠤᠨ ᠨᠠᠭᠠᠳᠤᠮ ᠰᠠᠦ᠋ᠳᠢ ᠶᠢᠨ ᠠᠷᠠᠪ  ᠲᠤ ᠪᠣᠯᠵᠤ᠂《World combat games-2023》ᠳᠡᠯᠡᠬᠡᠢ ᠶᠢᠨ ᠲᠤᠯᠤᠭᠠᠨ ᠤ ᠰᠫᠣᠷᠲ ᠤᠨ ᠶᠡᠬᠡ ᠨᠠᠭᠠᠳᠤᠮ ᠤᠨ ᠰᠦᠮᠣ᠋ ᠪᠥᠬᠡ ᠶᠢᠨ ᠲᠥᠷᠥᠯ ᠳᠦ ᠰᠣᠨᠢᠷᠬᠠᠭᠴᠢ ᠶᠢᠨ ᠰᠦᠮᠣ᠋ ᠪᠥᠬᠡ ᠶᠢᠨ ᠳᠡᠯᠡᠬᠡᠢ ᠶᠢᠨ ᠬᠣᠱᠣᠢ ᠠᠪᠤᠷᠭᠤ ᠪ∙ᠪᠠᠳᠠᠷᠠᠯ ᠮᠥᠩᠭᠥᠨ ᠮᠧᠳᠠᠯ ᠬᠦᠷᠲᠡᠯ᠎ᠡ᠃
ᠡᠨᠡ ᠲᠥᠷᠥᠯ ᠳᠦ ᠮᠠᠨ ᠤ ᠤᠯᠤᠰ ᠠᠴᠠ ᠬᠣᠶᠠᠷ ᠲᠠᠮᠢᠷᠴᠢᠨ ᠦᠷᠢᠰᠦᠯᠳᠦᠵᠦ᠂ ᠼ∙ᠮᠡᠨᠳᠦᠰᠠᠶᠢᠬᠠᠨ ᠬᠦᠷᠡᠯ ᠮᠧᠳᠠᠯ ᠤᠨ ᠲᠥᠯᠦᠭᠡᠬᠢ ᠪᠠᠷᠢᠯᠳᠤᠭᠠᠨ ᠳᠤ ᠢᠯᠠᠭᠳᠠᠭᠰᠠᠨ ᠪᠣᠯ ᠪ∙ᠪᠠᠳᠠᠷᠠᠯ -115 ᠺᠢᠯᠣᠭᠷᠠᠮ ᠤᠨ ᠵᠢᠩ ᠳᠦ ᠡᠢᠨ ᠮᠥᠩᠭᠥᠨ ᠮᠧᠳᠠᠯ ᠬᠦᠷᠲᠡᠭᠰᠡᠨ ᠪᠠᠶᠢᠨ᠎ᠠ᠃ ᠳᠣᠷᠣᠨᠠᠭᠣᠪᠢ ᠠᠶᠢᠮᠠᠭ ᠤᠨ ᠠᠶᠢᠷᠠᠭ ᠰᠤᠮᠤ ᠶᠢᠨ ᠬᠠᠷᠢᠶᠠᠲᠤ ᠪ ∙ ᠪᠠᠳᠠᠷᠠᠯ ᠥᠩᠭᠡᠷᠡᠭᠰᠡᠨ ᠵᠤᠨ ᠠᠶᠢᠮᠠᠭ ᠤᠨ ᠠᠷᠰᠯᠠᠨ ᠴᠣᠯᠠ  ᠬᠦᠷᠲᠡᠵᠦ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ