ᠮᠣᠩᠭᠣᠯ ᠤᠨ ᠥᠬᠢᠳ《ᠼᠢᠷᠺ ᠦᠨ ᠭᠦᠩᠵᠤ》ᠨᠠᠭᠠᠳᠤᠮ ᠤᠨ ᠭᠷᠡᠨᠫᠡᠷᠢ ᠱᠠᠩᠨᠠᠯ ᠢ ᠬᠦᠷᠲᠡᠵᠡᠢ | News.MN

ᠮᠣᠩᠭᠣᠯ ᠤᠨ ᠥᠬᠢᠳ《ᠼᠢᠷᠺ ᠦᠨ ᠭᠦᠩᠵᠤ》ᠨᠠᠭᠠᠳᠤᠮ ᠤᠨ ᠭᠷᠡᠨᠫᠡᠷᠢ ᠱᠠᠩᠨᠠᠯ ᠢ ᠬᠦᠷᠲᠡᠵᠡᠢ

ᠣᠷᠣᠰ ᠤᠨ ᠰᠠᠷᠠᠲ᠋ᠣᠪ ᠬᠤᠲᠠᠨ᠎ᠠ ᠪᠣᠯᠤᠭᠰᠠᠨ 《ᠼᠢᠷᠺ ᠦᠨ ᠭᠦᠩᠵᠤ》ᠣᠯᠠᠨ ᠤᠯᠤᠰ ᠤᠨ ᠨᠠᠭᠠᠳᠤᠮ ᠤᠨ ᠭᠷᠡᠨᠫᠡᠷᠢ ᠱᠠᠩᠨᠠᠯ ᠢ ᠮᠣᠩᠭᠣᠯ ᠤᠨ  ᠦᠬᠢᠳ ᠤᠨ ᠬᠠᠮᠲᠤᠯᠢᠭ ᠺᠠᠤᠴᠤᠺ ᠦᠵᠡᠭᠦᠯᠪᠦᠷᠢ ᠪᠡᠷ ᠢᠶᠡᠨ ᠬᠦᠷᠲᠡᠯ᠎ᠡ᠃《ᠡᠨᠡ ᠬᠦ ᠬᠦᠨᠳᠦᠲᠦ ᠱᠠᠩᠨᠠᠯ ᠢ ᠼᠢᠷᠺ ᠦᠨ ᠰᠠᠯᠪᠤᠷᠢ ᠶᠢᠨ ᠣᠯᠠᠨ ᠤᠯᠤᠰ ᠤᠨ  ᠮᠡᠷᠭᠡᠵᠢᠯᠲᠡᠳ ᠢ ᠵᠢᠩᠬᠢᠨᠢ ᠤᠳᠬ᠎ᠠ ᠪᠠᠷ ᠨᠢ ᠪᠠᠶᠢᠯᠳᠤᠨ ᠳᠠᠭᠠᠭᠤᠯᠤᠭᠰᠠᠨ ᠮᠣᠩᠭᠣᠯ ᠤᠨ ᠦᠬᠢᠳ ᠤᠨ ᠬᠠᠮᠲᠤᠯᠢᠭ ᠬᠦᠷᠲᠡᠯ᠎ᠡ》ᠭᠡᠵᠦ《 ᠷᠤᠰᠭᠤᠰ ᠼᠢᠷᠺ》ᠮᠡᠳᠡᠭᠡᠯᠡᠵᠡᠢ᠃
《ᠼᠢᠷᠺ ᠦᠨ ᠭᠦᠩᠵᠤ》ᠣᠯᠠᠨ ᠤᠯᠤᠰ ᠤᠨ ᠨᠠᠭᠠᠳᠤᠮ ᠪᠣᠯ ᠡᠮᠡᠭᠲᠡᠶᠢᠴᠦᠳ ᠨᠢ ᠡᠷᠡᠭᠲᠡᠢ ᠼᠢᠷᠺᠴᠢᠳ ᠦᠨ ᠦᠵᠡᠭᠦᠯᠪᠦᠷᠢ ᠶᠢ ᠦᠵᠡᠭᠦᠯᠵᠦ᠂ ᠬᠦᠮᠦᠨ ᠦ ᠬᠦᠴᠦᠷᠬᠡᠭ ᠵᠠᠩ ᠴᠢᠨᠠᠷ ᠢ ᠬᠠᠷᠠᠭᠤᠯᠵᠤ ᠴᠢᠳᠠᠳᠠᠭ ᠳᠡᠯᠡᠬᠡᠢ ᠳᠡᠭᠡᠷᠡᠬᠢ ᠴᠣᠷ ᠤᠨ ᠭᠠᠭᠴᠠ ᠮᠡᠷᠭᠡᠵᠢᠯ ᠦᠨ ᠰᠠᠯᠪᠤᠷᠢ ᠶᠢᠨ ᠲᠡᠮᠡᠴᠡᠭᠡᠨ ᠶᠤᠮ᠃ ᠠᠷᠪᠠᠳᠤᠭᠠᠷ ᠰᠠᠷ᠎ᠠ ᠶᠢᠨ 19-22  ᠤ ᠬᠣᠭᠣᠷᠣᠨᠳᠣ ᠶᠢᠰᠦ ᠳ᠋ᠡᠬᠢ ᠤᠳᠠᠭ᠎ᠠ ᠪᠠᠨ ᠵᠣᠬᠢᠶᠠᠨ ᠪᠠᠶᠢᠭᠤᠯᠤᠭᠳᠠᠭᠰᠠᠨ ᠲᠤᠰ ᠨᠠᠭᠠᠳᠤᠮ ᠳᠤ ᠹᠷᠠᠨᠼᠢ᠂ ᠭᠧᠷᠮᠠᠨ᠂ ᠪᠷᠠᠽᠢᠯ ᠵᠡᠷᠭᠡ 13 ᠣᠷᠣᠨ ᠤ ᠥᠬᠢᠳ ᠣᠷᠣᠯᠴᠠᠵᠠᠢ᠃

ᠰᠡᠳᠬᠢᠭᠳᠡᠯ ᠦᠯᠡᠳᠡᠭᠡᠬᠦ