ᠡᠮᠡᠭᠲᠡᠢ ᠬᠦᠮᠦᠵᠢᠭᠴᠢᠳ ᠰᠢᠲᠠᠷ᠎ᠠ ᠶᠢᠨ ᠳᠡᠯᠡᠬᠡᠢ ᠶᠢᠨ ᠬᠣᠱᠣᠢ ᠠᠪᠤᠷᠭᠤ ᠪᠣᠯᠤᠯ᠎ᠠ | News.MN

ᠡᠮᠡᠭᠲᠡᠢ ᠬᠦᠮᠦᠵᠢᠭᠴᠢᠳ ᠰᠢᠲᠠᠷ᠎ᠠ ᠶᠢᠨ ᠳᠡᠯᠡᠬᠡᠢ ᠶᠢᠨ ᠬᠣᠱᠣᠢ ᠠᠪᠤᠷᠭᠤ ᠪᠣᠯᠤᠯ᠎ᠠ

Fide ᠪᠤᠶᠤ ᠣᠯᠠᠨ ᠤᠯᠤᠰ ᠤᠨ ᠰᠢᠲᠠᠷ᠎ᠠ ᠶᠢᠨ ᠬᠣᠯᠪᠣᠭᠠᠨ ᠠᠴᠠ 《ᠰᠢᠲᠠᠷ᠎ᠠ ᠶᠢᠨ ᠡᠷᠬᠡ ᠴᠢᠯᠦᠭᠡᠨ ᠦ ᠬᠥᠲᠦᠯᠪᠦᠷᠢ》 ᠶᠢᠨ ᠬᠦᠷᠢᠶᠡᠨ ᠳᠦ ᠠᠮᠧᠷᠢᠺᠠ ᠶᠢᠨ ᠴᠢᠺᠠᠭᠤ᠋ ᠬᠣᠲᠠ ᠶᠢᠨ ᠬᠣᠷᠢᠬᠤ ᠪᠠᠶᠢᠭᠤᠯᠤᠯᠭ᠎ᠠ ᠲᠠᠢ ᠬᠠᠮᠲᠤᠷᠠᠨ ᠬᠦᠮᠦᠵᠢᠭᠴᠢ ᠶᠢᠨ ᠳᠤᠮᠳᠠ ᠰᠢᠲᠠᠷ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠭᠤᠷᠪᠠᠳᠤᠭᠠᠷ ᠴᠠᠬᠢᠮ ᠲᠡᠮᠡᠴᠡᠭᠡᠨ ᠢ ᠠᠷᠪᠠᠳᠤᠭᠠᠷ ᠰᠠᠷ᠎ᠠ ᠶᠢᠨ 11-13  ᠤ ᠡᠳᠦᠷ ᠦᠳ ᠲᠦ ᠠᠮᠵᠢᠯᠲᠠᠲᠠᠢ ᠵᠣᠬᠢᠶᠠᠨ ᠪᠠᠶᠢᠭᠤᠯᠤᠯ᠎ᠠ᠃ ᠲᠡᠮᠡᠴᠡᠭᠡᠨ ᠳᠦ 60 ᠣᠷᠣᠨ ᠤ 118 ᠪᠠᠭ ᠲᠠᠮᠢᠷᠴᠢᠳ ᠥᠷᠢᠰᠦᠯᠳᠦᠭᠰᠡᠨ ᠡᠴᠡ ᠮᠣᠩᠭᠣᠯ ᠤᠨ ᠡᠮᠡᠭᠲᠡᠢ ᠬᠦᠮᠦᠵᠢᠭᠴᠢᠳ ᠦᠨ ᠪᠠᠭ ᠲᠡᠷᠢᠭᠦᠯᠡᠵᠦ᠂ 《ᠰᠢᠲᠠᠷ᠎ᠠ ᠶᠢᠨ ᠳᠡᠯᠡᠬᠡᠢ ᠶᠢᠨ ᠬᠣᠱᠣᠢ ᠠᠯᠲᠠᠨ ᠮᠧᠳᠠᠯ》 ᠤᠨ ᠡᠵᠡᠳ ᠪᠣᠯᠤᠯ᠎ᠠ᠃
ᠲᠤᠰ ᠲᠡᠮᠡᠴᠡᠭᠡᠨ ᠳᠦ ᠰᠢᠭᠦᠬᠦ ᠶᠢᠨ ᠰᠢᠢᠳᠪᠦᠷᠢ ᠭᠦᠢᠴᠡᠳᠭᠡᠬᠦ ᠶᠡᠷᠦᠩᠬᠡᠢ ᠭᠠᠵᠠᠷ ᠤᠨ ᠬᠠᠷᠢᠶ᠎ᠠ 415᠂ 421᠂ 423᠂ 435 ᠳ᠋ᠤᠭᠠᠷ ᠨᠡᠭᠡᠭᠡᠯᠲᠡᠲᠡᠢ᠂ ᠬᠠᠭᠠᠯᠲᠠᠲᠠᠢ ᠬᠣᠷᠢᠬᠤ ᠠᠩᠭᠢ ᠠᠴᠠ ᠡᠷᠡᠭᠲᠡᠢ ᠭᠤᠷᠪᠠᠨ ᠪᠠᠭ᠂ 407 ᠳ᠋ᠤᠭᠠᠷ ᠨᠡᠭᠡᠭᠡᠯᠲᠡᠲᠡᠢ᠂ ᠬᠠᠭᠠᠯᠲᠠᠲᠠᠢ ᠬᠣᠷᠢᠬᠤ ᠠᠩᠭᠢ ᠠᠴᠠ ᠡᠮᠡᠭᠲᠡᠢ ᠨᠢᠭᠡ ᠪᠠᠭ᠂ ᠰᠤᠷᠭᠠᠯᠲᠠ᠂ ᠬᠦᠮᠦᠵᠢᠯ ᠦᠨ ᠲᠤᠰᠬᠠᠢ ᠪᠠᠶᠢᠭᠤᠯᠤᠯᠭ᠎ᠠ ᠠᠴᠠ ᠥᠰᠪᠦᠷᠢ ᠨᠠᠰᠤᠨ ᠤ ᠠᠩᠭᠢᠯᠠᠯ ᠳᠤ ᠨᠢᠭᠡ ᠪᠠᠭ ᠤᠨ ᠨᠡᠶᠢᠲᠡ 24 ᠲᠠᠮᠢᠷᠴᠢᠨ ᠣᠷᠣᠯᠴᠠᠯ᠎ᠠ᠃

ᠰᠡᠳᠬᠢᠭᠳᠡᠯ ᠦᠯᠡᠳᠡᠭᠡᠬᠦ