ᠳᠡᠯᠡᠬᠡᠢ ᠶᠢᠨ ᠵᠢᠱᠢᠭ ᠲᠦ ᠨᠡᠶᠢᠴᠡᠭᠰᠡᠨ ᠯᠠᠪᠤᠷᠠᠲ᠋ᠣᠷᠢ ᠲᠠᠢ ᠪᠣᠯᠪᠠ | News.MN

ᠳᠡᠯᠡᠬᠡᠢ ᠶᠢᠨ ᠵᠢᠱᠢᠭ ᠲᠦ ᠨᠡᠶᠢᠴᠡᠭᠰᠡᠨ ᠯᠠᠪᠤᠷᠠᠲ᠋ᠣᠷᠢ ᠲᠠᠢ ᠪᠣᠯᠪᠠ

ᠮᠠᠯ ᠡᠮᠨᠡᠯᠭᠡ ᠶᠢᠨ ᠶᠡᠷᠦᠩᠬᠡᠢ ᠭᠠᠵᠠᠷ ᠠᠴᠠ ᠮᠠᠯ ᠤᠨ ᠡᠮᠴᠢ ᠨᠠᠷ ᠤᠨ ᠮᠡᠳᠡᠯᠭᠡ᠂ ᠤᠷ᠎ᠠ ᠴᠢᠳᠠᠪᠤᠷᠢ ᠶᠢ ᠨᠡᠮᠡᠭᠳᠡᠭᠦᠯᠬᠦ ᠵᠣᠷᠢᠯᠭ᠎ᠠ ᠪᠠᠷ Japan International Cooperation Agency  ᠳᠦ ᠬᠦᠰᠡᠯᠲᠡ ᠭᠠᠷᠭᠠᠭᠰᠠᠨ ᠤ ᠳᠠᠭᠠᠤ ᠳᠡᠯᠡᠬᠡᠢ ᠶᠢᠨ ᠰᠲ᠋ᠠᠨᠳᠠᠷᠲ ᠲᠤ ᠨᠡᠶᠢᠴᠡᠬᠦ ᠲᠣᠨᠣᠭ ᠲᠥᠬᠥᠭᠡᠷᠦᠮᠵᠢ ᠪᠦᠬᠦᠢ᠂ ᠯᠠᠪᠤᠷᠠᠲ᠋ᠣᠷᠢ ᠶᠢ ᠲᠡᠳᠡ ᠪᠠᠷᠢᠵᠤ ᠪᠠᠢᠭᠤᠯᠵᠤ ᠬᠦᠯᠢᠶᠡᠯᠭᠡᠨ ᠦᠭᠭᠦᠯ᠎ᠡ᠃
ᠮᠠᠯ ᠤᠨ ᠡᠮᠴᠢ ᠨᠠᠷ ᠲᠤ ᠵᠣᠨᠣᠽ᠂ ᠮᠠᠯ ᠠᠮᠢᠲᠠᠨ ᠤ ᠬᠠᠯᠳᠠᠪᠤᠷᠢᠲᠤ ᠡᠪᠡᠳᠴᠢᠨ᠂ ᠮᠠᠯ ᠤᠨ ᠭᠠᠷᠤᠯᠲᠠᠢ ᠪᠦᠲᠦᠭᠡᠭᠳᠡᠬᠦᠨ ᠦ ᠠᠶᠤᠯᠭᠦᠢ ᠪᠠᠶᠢᠳᠠᠯ᠂ ᠪᠠᠶᠢᠭᠠᠯᠢ ᠣᠷᠴᠢᠨ ᠤ ᠪᠤᠬᠢᠷᠳᠤᠯ᠂ ᠮᠠᠯ ᠡᠮᠨᠡᠯᠭᠡ ᠶᠢᠨ ᠡᠮᠨᠡᠯ ᠵᠦᠢ ᠶᠢᠨ ᠰᠤᠷᠭᠠᠯᠲᠠ ᠶᠢ ᠲᠣᠭᠲᠠᠮᠠᠯ ᠦᠶ᠎ᠡ ᠱᠠᠲᠤ ᠲᠠᠢ ᠶᠠᠪᠤᠭᠤᠯᠤᠨ᠂ ᠮᠡᠳᠡᠯᠭᠡ ᠤᠷ᠎ᠠ ᠴᠢᠳᠠᠪᠤᠷᠢ ᠶᠢ ᠨᠢ ᠪᠡᠬᠢᠵᠢᠭᠦᠯᠬᠦ ᠪᠡᠷ 《ᠲᠥᠷᠥ ᠶᠢᠨ ᠪᠣᠯᠤᠨ ᠬᠤᠪᠢ ᠶᠢᠨ ᠬᠡᠪᠰᠢᠯ ᠦᠨ ᠮᠠᠯ ᠤᠨ ᠡᠮᠴᠢ ᠨᠠᠷ ᠤᠨ ᠫᠷᠠᠺᠲ᠋ᠢᠺ ᠤᠷ᠎ᠠ ᠴᠢᠳᠠᠪᠤᠷᠢ ᠶᠢ ᠪᠡᠬᠢᠵᠢᠭᠦᠯᠬᠦ ᠨᠢ》ᠲᠧᠭᠨᠢᠭ᠂ ᠬᠠᠮᠲᠤ ᠶᠢᠨ ᠠᠵᠢᠯᠯᠠᠭᠠᠨ ᠤ ᠲᠥᠰᠥᠯ ᠢ 2020 ᠣᠨ ᠤ 6 ᠳ᠋ᠤᠭᠠᠷ ᠰᠠᠷ᠎ᠠ ᠠᠴᠠ ᠬᠡᠷᠡᠭᠵᠢᠭᠦᠯᠵᠦ ᠡᠬᠢᠯᠡᠭᠰᠡᠨ ᠪᠢᠯᠡ᠃ ᠡᠨᠡ ᠲᠥᠰᠥᠯ ᠤᠨ ᠬᠦᠷᠢᠶᠡᠨ ᠳᠦ  ᠯᠠᠪᠤᠷᠠᠲ᠋ᠤᠷᠢ ᠶᠢ ᠪᠠᠢᠭᠤᠯᠵᠠᠢ᠃

ᠰᠡᠳᠬᠢᠭᠳᠡᠯ ᠦᠯᠡᠳᠡᠭᠡᠬᠦ