ᠤᠯᠤᠰ ᠤᠨ ᠬᠡᠮᠵᠢᠶᠡᠨ ᠳᠦ ᠡᠨᠡ ᠣᠨ ᠳᠤ 18.1 ᠰᠠᠶ᠎ᠠ ᠲᠣᠯᠣᠭᠠᠢ ᠲᠥᠯ ᠬᠦᠯᠢᠶᠡᠨ ᠠᠪᠴᠤ᠂ 5.1 ᠰᠠᠶ᠎ᠠ ᠲᠣᠯᠣᠭᠠᠢ ᠮᠠᠯ ᠢ ᠳᠣᠲᠣᠭᠠᠳᠤ ᠶᠢᠨ ᠬᠡᠷᠡᠭᠴᠡᠭᠡᠨ ᠳᠦ᠂ 12.1 ᠰᠠᠶ᠎ᠠ ᠮᠠᠯ ᠢ ᠡᠳ᠋ ᠦᠨ ᠵᠠᠰᠠᠭ ᠤᠨ ᠡᠷᠭᠢᠯᠲᠡ ᠳᠦ ᠣᠷᠣᠭᠤᠯᠤᠨ 62.8 ᠰᠠᠶ᠎ᠠ ᠲᠣᠯᠣᠭᠠᠢ ᠮᠠᠯ ᠡᠪᠦᠯᠵᠢᠵᠦ᠂ ᠬᠠᠪᠤᠷᠵᠢᠬᠤ ᠤᠷᠢᠳᠴᠢᠯᠠᠭᠰᠠᠨ ᠲᠣᠭᠠᠴᠠᠭ᠎ᠠ ᠭᠠᠷᠭᠠᠵᠠᠢ᠃
ᠡᠨᠡ ᠰᠠᠷ᠎ᠠ ᠶᠢᠨ 12 ᠤ ᠡᠳᠦᠷ ᠦᠨ ᠪᠠᠶᠢᠳᠠᠯ ᠢᠶᠠᠷ ᠮᠠᠯᠴᠢᠳ 947.5 ᠮᠢᠩᠭᠠᠨ ᠲᠤᠨ ᠡᠪᠡᠰᠦ᠂ 341.0 ᠲᠣᠨ ᠰᠦᠷᠡᠯ᠂ 11.2 ᠮᠢᠩᠭᠠᠨ ᠲᠤᠨ ᠨᠣᠭᠣᠭᠠᠨ᠂ 4.5 ᠮᠢᠩᠭᠠᠨ ᠲᠤᠨ ᠦᠢᠯᠡᠳᠪᠦᠷᠢ ᠶᠢᠨ᠂ 24.4 ᠮᠢᠩᠭᠠᠨ ᠲᠤᠨ ᠭᠠᠷ ᠲᠡᠵᠢᠭᠡᠯ᠂ 1280.5 ᠲᠣᠨ ᠳᠠᠷᠤᠰᠢ᠂ 33.2 ᠮᠢᠩᠭᠠᠨ ᠳᠠᠪᠤᠰᠤ ᠬᠤᠵᠢᠷ ᠪᠡᠯᠡᠳᠬᠡᠵᠦ᠂ ᠡᠪᠡᠰᠦ᠂ ᠲᠡᠵᠢᠭᠡᠯ ᠦᠨ ᠪᠡᠯᠡᠳᠬᠡᠯ ᠦᠨ 63.3ᠬᠤᠪᠢ ᠶᠢ ᠬᠠᠩᠭᠠᠭᠠᠳ ᠪᠠᠶᠢᠨ᠎ᠠ᠃ ᠡᠨᠡ ᠦᠵᠡᠭᠦᠯᠦᠯᠲᠡ᠂ ᠪᠠᠷᠠᠭᠤᠨ ᠪᠥᠰᠡ ᠶᠢᠨ ᠠᠶᠢᠮᠠᠭ ᠤᠳ ᠲᠤ 82᠂ ᠲᠥᠪ ᠦᠨ ᠪᠥᠰᠡ ᠶᠢᠨ ᠠᠶᠢᠮᠠᠭ ᠤᠳ ᠲᠤ 60.7᠂ ᠭᠣᠪᠢ ᠶᠢᠨ ᠪᠥᠰᠡ ᠶᠢᠨ ᠠᠶᠢᠮᠠᠭ ᠤᠳ ᠲᠤ 11.4᠂ ᠵᠡᠭᠦᠨ ᠪᠥᠰᠡ ᠶᠢᠨ ᠠᠶᠢᠮᠠᠭ ᠤᠳ ᠲᠤ 68 ᠬᠤᠪᠢ ᠶᠢᠨ ᠭᠦᠢᠴᠡᠳᠬᠡᠯ ᠲᠡᠢ ᠪᠠᠶᠢᠭ᠎ᠠ ᠠᠵᠠᠢ᠃