《ᠴᠢᠩᠭᠢᠰ ᠬᠠᠭᠠᠨ-ᠮᠣᠩᠭᠣᠯᠴᠤᠳ ᠳᠡᠯᠡᠬᠡᠢ ᠶᠢ ᠥᠭᠡᠷᠡᠴᠢᠯᠡᠭᠰᠡᠨ ᠨᠢ》 ᠦᠵᠡᠰᠬᠦᠯᠡᠩ ᠢ ᠨᠡᠭᠡᠭᠡᠯ᠎ᠡ | News.MN

《ᠴᠢᠩᠭᠢᠰ ᠬᠠᠭᠠᠨ-ᠮᠣᠩᠭᠣᠯᠴᠤᠳ ᠳᠡᠯᠡᠬᠡᠢ ᠶᠢ ᠥᠭᠡᠷᠡᠴᠢᠯᠡᠭᠰᠡᠨ ᠨᠢ》 ᠦᠵᠡᠰᠬᠦᠯᠡᠩ ᠢ ᠨᠡᠭᠡᠭᠡᠯ᠎ᠡ

ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ᠂ ᠪᠦᠭᠦᠳᠡ ᠨᠠᠶᠢᠷᠠᠮᠳᠠᠬᠤ ᠹᠷᠠᠨᠼᠢ ᠤᠯᠤᠰ ᠤᠨ ᠶᠡᠷᠦᠩᠬᠡᠶᠢᠯᠡᠭᠴᠢ  ᠮᠠᠺᠷᠣᠨ ᠤ ᠢᠪᠡᠭᠡᠯ ᠳᠣᠣᠷ᠎ᠠ ᠵᠣᠬᠢᠶᠠᠨ ᠪᠠᠶᠢᠭᠤᠯᠵᠤ ᠪᠤᠢ《ᠴᠢᠩᠭᠢᠰ ᠬᠠᠭᠠᠨ – ᠮᠣᠩᠭᠣᠯᠴᠤᠳ ᠳᠡᠯᠡᠬᠡᠢ ᠶᠢ ᠥᠭᠡᠷᠡᠴᠢᠯᠡᠭᠰᠡᠨ ᠨᠢ》 ᠦᠵᠡᠰᠬᠦᠯᠡᠩ ᠦᠨ ᠨᠡᠭᠡᠭᠡᠯᠲᠡ ᠶᠢᠨ ᠶᠣᠰᠣᠯᠠᠯ 10 ᠳ᠋ᠤᠭᠠᠷ ᠰᠠᠷ᠎ᠠ ᠶᠢᠨ 13  ᠤ ᠡᠳᠦᠷ ᠨᠠᠨᠲ ᠬᠣᠲᠠ ᠶᠢᠨ ᠲᠡᠦᠬᠡ ᠶᠢᠨ ᠮᠦᠽᠧᠢ ᠳᠦ  ᠪᠤᠯᠵᠤ᠂ ᠤᠬᠤᠨ᠎ᠠ ᠶᠢᠨ ᠬᠦᠷᠡᠯᠰᠦ᠋ᠬᠡ ᠠᠷᠭ᠎ᠠ ᠬᠡᠮᠵᠢᠶ᠎ᠡ ᠶᠢ ᠨᠡᠭᠡᠭᠡᠵᠦ ᠦᠭᠡ ᠬᠡᠯᠡᠯ᠎ᠡ᠃
ᠡᠨᠡ ᠬᠦ ᠦᠵᠡᠰᠬᠦᠯᠡᠩ ᠨᠢ ᠮᠣᠩᠭᠣᠯ ᠬᠠᠭᠠᠳ ᠤᠨ ᠠᠯᠪᠠᠨ ᠪᠢᠴᠢᠭ᠂ ᠵᠠᠬᠢᠳᠠᠯ ᠢ ᠳᠡᠯᠭᠡᠨ ᠦᠵᠡᠭᠦᠯᠵᠦ᠂ ᠮᠣᠩᠭᠣᠯ ᠤᠨ ᠲᠡᠦᠬᠡ᠂ ᠰᠤᠶᠤᠯ ᠤᠨ ᠰᠣᠷ ᠪᠣᠯᠤᠭᠰᠠᠨ ᠦᠵᠡᠮᠦᠷᠢ ᠶᠢ ᠣᠯᠠᠨ ᠲᠦᠮᠡᠨ ᠦ ᠬᠦᠷᠲᠡᠭᠡᠯ ᠪᠣᠯᠭᠠᠵᠤ᠂ ᠮᠣᠩᠭᠣᠯᠴᠤᠳ ᠤᠨ ᠨᠡᠭᠦᠳᠡᠯ ᠦᠨ ᠰᠤᠶᠤᠯ ᠢᠷᠭᠡᠨᠰᠢᠯ ᠦᠨ ᠥᠪ ᠰᠤᠶᠤᠯ ᠢ ᠣᠯᠠᠨ ᠤᠯᠤᠰ ᠲᠤ ᠲᠠᠨᠢᠭᠤᠯᠬᠤ ᠲᠠᠭᠠᠲᠠᠢ ᠪᠣᠯᠤᠮᠵᠢ ᠶᠢ ᠣᠯᠭᠤᠵᠤ ᠪᠠᠶᠢᠭ᠎ᠠ ᠶᠢ ᠲᠡᠷᠡ ᠣᠨᠴᠠᠯᠠᠪᠠ᠃
ᠨᠡᠭᠡᠭᠡᠯᠲᠡ ᠶᠢᠨ ᠠᠷᠭ᠎ᠠ ᠬᠡᠮᠵᠢᠶᠡᠨ ᠳᠦ ᠪᠦᠭᠦᠳᠡ ᠨᠠᠶᠢᠷᠠᠮᠳᠠᠬᠤ ᠹᠷᠠᠨᠼᠢ ᠤᠯᠤᠰ ᠤᠨ ᠬᠥᠳᠡᠭᠡ ᠠᠵᠤ ᠠᠬᠤᠢ᠂ ᠬᠦᠨᠡᠰᠦᠨ ᠦ ᠪᠦᠷᠢᠨ ᠡᠷᠬᠡᠲᠦ ᠪᠠᠶᠢᠳᠠᠯ ᠤᠨ ᠰᠠᠶᠢᠳ ᠮᠠᠷᠺ ᠹᠧᠨᠤ᠂ ᠯᠠᠤᠸᠠᠷ ᠮᠤᠵᠢ ᠶᠢᠨ ᠵᠠᠬᠢᠷᠤᠭᠴᠢ ᠹᠠᠪᠷᠢᠰ ᠷᠢᠭᠤᠯᠧ ᠷᠣᠽ᠂ ᠨᠠᠨᠲ ᠮᠧᠲ᠋ᠷᠣᠫᠣᠯ ᠤᠨ ᠶᠡᠷᠦᠩᠬᠡᠶᠢᠯᠡᠭᠴᠢ᠂ ᠨᠠᠨᠲ ᠬᠣᠲᠠ ᠶᠢᠨ ᠵᠠᠰᠠᠭ ᠳᠠᠷᠤᠭ᠎ᠠ ᠵᠤᠨᠨᠠ ᠷᠣᠯᠯᠠᠨ᠋ᠳ᠋᠂  ᠨᠠᠨᠲ ᠬᠣᠲᠠ ᠶᠢᠨ ᠲᠡᠦᠬᠡ ᠶᠢᠨ ᠮᠦᠽᠧᠢ ᠶᠢᠨ ᠵᠠᠬᠢᠷᠤᠯ  ᠪᠧᠷᠲᠷᠠᠨ ᠭᠢᠶᠧ ᠨᠠᠷ ᠤᠷᠤᠯᠴᠠᠪᠠ᠃

ᠰᠡᠳᠬᠢᠭᠳᠡᠯ ᠦᠯᠡᠳᠡᠭᠡᠬᠦ