ᠮᠠᠨ ᠤ ᠪᠦᠵᠢᠭᠴᠢᠳ ᠬᠥᠭᠵᠢᠶᠡᠨ ᠳᠡᠮᠵᠢᠭᠴᠢᠳ ᠦᠨ ᠲᠡᠮᠡᠴᠡᠭᠡᠨ ᠡᠴᠡ ᠳᠡᠯᠡᠬᠡᠢ ᠶᠢᠨ ᠴᠣᠮᠣ ᠬᠦᠷᠲᠡᠵᠡᠢ | News.MN

 ᠮᠠᠨ ᠤ ᠪᠦᠵᠢᠭᠴᠢᠳ ᠬᠥᠭᠵᠢᠶᠡᠨ ᠳᠡᠮᠵᠢᠭᠴᠢᠳ ᠦᠨ ᠲᠡᠮᠡᠴᠡᠭᠡᠨ ᠡᠴᠡ ᠳᠡᠯᠡᠬᠡᠢ ᠶᠢᠨ ᠴᠣᠮᠣ ᠬᠦᠷᠲᠡᠵᠡᠢ

ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ ᠰᠸᠦ᠋ᠯ ᠬᠤᠲᠠᠨ᠎ᠠ ᠡᠨᠡ ᠰᠠᠷ᠎ᠠ ᠶᠢᠨ 6-8  ᠤ ᠡᠳᠦᠷ ᠦᠳ ᠲᠦ︽ICU World Cup Seoul-2023︾ᠪᠤᠶᠤ ᠬᠥᠭᠵᠢᠶᠡᠨ ᠳᠡᠮᠵᠢᠭᠴᠢᠳ ᠦᠨ ᠳᠡᠯᠡᠬᠡᠢ ᠶᠢᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠵᠤ ᠥᠨᠳᠥᠷᠯᠡᠯ᠎ᠡ᠃ ᠲᠡᠮᠡᠴᠡᠭᠡᠨ ᠳᠦ 21 ᠣᠷᠣᠨ ᠤ 1000 ᠭᠠᠷᠤᠢ ᠪᠦᠵᠢᠭᠴᠢᠳ ᠥᠷᠢᠰᠦᠯᠳᠦᠭᠰᠡᠨ ᠡᠴᠡ ᠮᠣᠩᠭᠣᠯ ᠤᠨ ᠪᠠᠭ 《Youth Team Hip Hop》ᠲᠥᠷᠥᠯ ᠳᠦ ᠳᠡᠯᠡᠬᠡᠢ ᠶᠢᠨ ᠴᠣᠮᠣ ᠶᠢᠨ ᠡᠵᠡᠨ ᠪᠣᠯᠵᠠᠢ᠃
ᠲᠤᠬᠠᠢᠯᠠᠪᠠᠯ ᠪᠠᠭᠠᠨᠠᠭᠤᠷ ᠳᠡᠭᠦᠷᠭᠡ ᠶᠢᠨ︽ᠭᠦᠨ ᠭᠠᠯᠠᠭᠤᠲᠠᠢ︾ᠴᠣᠭᠴᠠᠯᠠᠪᠤᠷᠢ ᠰᠤᠷᠭᠠᠭᠤᠯᠢ ᠶᠢᠨ ᠨ∙ᠨᠠᠨᠳᠢᠨ-ᠡᠷᠳᠡᠨᠢ ᠳᠠᠰᠬᠠᠯᠵᠢᠭᠤᠯᠤᠭᠴᠢ ᠲᠠᠢ 《ᠰᠣᠷᠬᠤᠭᠲᠠᠨᠢ》ᠪᠠᠭ ᠡᠬᠡ ᠣᠷᠣᠨ ᠢᠶᠠᠨ ᠲᠥᠯᠥᠭᠡᠯᠡᠨ ᠣᠷᠣᠯᠴᠠᠵᠤ ᠲᠦᠷᠦᠭᠦᠯᠡᠭᠰᠡᠨ ᠪᠠᠶᠢᠨ᠎ᠠ᠃ ᠪᠠᠰᠠ︽ Korea Youth cup︾ᠲᠡᠮᠡᠴᠡᠭᠡᠨ ᠪᠣᠯᠵᠤ᠂ 《Primary Team Hip Hop》ᠪᠣᠯᠤᠨ《Primary Doubles Hip Hop》ᠲᠥᠷᠥᠯ ᠳᠦ ᠮᠦᠨ ᠨ ∙ ᠨᠠᠨᠳᠢᠨ-ᠡᠷᠳᠡᠨᠢ ᠳᠠᠰᠬᠠᠯᠵᠢᠭᠤᠯᠤᠭᠴᠢ ᠲᠠᠢ 《ᠭᠠᠯᠳᠤ ᠰᠢᠪᠠᠭᠤ》ᠪᠠᠭ ᠲᠡᠷᠢᠭᠦᠯᠡᠵᠦ᠂ ᠠᠯᠲᠠᠨ ᠮᠧᠳᠠᠯ ᠤᠨ ᠡᠵᠡᠳ ᠪᠣᠯᠵᠠᠢ᠃

ᠰᠡᠳᠬᠢᠭᠳᠡᠯ ᠦᠯᠡᠳᠡᠭᠡᠬᠦ