ᠬᠣᠯᠢᠮᠠᠭ ᠲᠤᠯᠤᠭᠠᠨᠴᠢ ᠪ ∙ ᠡᠩᠬᠡᠠᠤᠷᠬᠢᠯ ᠮᠣᠩᠭᠣᠯ ᠺᠣᠮᠫᠠᠨᠢ ᠲᠠᠢ ᠭᠡᠷ᠎ᠡ ᠪᠠᠶᠢᠭᠤᠯᠪᠠ | News.MN

ᠬᠣᠯᠢᠮᠠᠭ ᠲᠤᠯᠤᠭᠠᠨᠴᠢ ᠪ ∙ ᠡᠩᠬᠡᠠᠤᠷᠬᠢᠯ ᠮᠣᠩᠭᠣᠯ ᠺᠣᠮᠫᠠᠨᠢ ᠲᠠᠢ ᠭᠡᠷ᠎ᠡ ᠪᠠᠶᠢᠭᠤᠯᠪᠠ

《ONE Championship》  ᠤᠨ ᠬᠣᠯᠢᠮᠠᠭ ᠲᠤᠯᠤᠭᠠᠨᠴᠢ ᠪ ∙ ᠡᠩᠬᠡᠠᠤᠷᠬᠢᠯ ᠮᠣᠩᠭᠣᠯ ᠤᠨ Arragement Vision Entertainmеnt︵AVE︶ᠺᠣᠮᠫᠠᠨᠢ ᠲᠠᠢ ᠮᠡᠷᠭᠡᠵᠢᠯ ᠦᠨ ᠲᠠᠮᠢᠷᠴᠢᠨ ᠤ ᠮᠧᠨᠧᠵᠮᠧᠨᠲ ᠦᠨ ᠤᠷᠲᠤ ᠬᠤᠭᠤᠴᠠᠭᠠᠨ ᠤ ᠭᠡᠷ᠎ᠡ ᠪᠠᠶᠢᠭᠤᠯᠤᠯ᠎ᠠ᠃ ᠢᠩᠭᠢᠭᠰᠡᠨ ᠢᠶᠡᠷ  ᠲᠡᠷᠡ ᠵᠥᠪᠬᠡᠨ ᠮᠡᠷᠭᠡᠵᠢᠯ ᠦᠨ ᠲᠠᠮᠢᠷᠴᠢᠨ ᠤ ᠺᠠᠷᠢᠶᠧᠷ ᠲᠤ ᠪᠠᠨ ᠠᠩᠬᠠᠷᠬᠤ ᠪᠣᠯᠤᠮᠵᠢ ᠪᠥᠷᠢᠳᠴᠦ ᠪᠠᠶᠢᠨ᠎ᠠ᠃
AVE ᠺᠣᠮᠫᠠᠨᠢ ᠨᠢ 2014 ᠣᠨ ᠠᠴᠠ ᠦᠢᠯᠡ ᠠᠵᠢᠯᠯᠠᠭ᠎ᠠ ᠪᠠᠨ ᠶᠠᠪᠤᠭᠤᠯᠵᠤ ᠡᠬᠢᠯᠡᠭᠰᠡᠨ ᠪᠥᠭᠡᠳ ᠲᠤᠯᠤᠭᠠᠨ ᠤ ᠪᠣᠯᠤᠨ ᠪᠤᠰᠤᠳ ᠰᠫᠣᠷᠲ ᠤᠨ ᠮᠡᠷᠭᠡᠵᠢᠯ ᠦᠨ ᠲᠠᠮᠢᠷᠴᠢᠳ ᠢ ᠳᠡᠯᠡᠬᠡᠢ ᠶᠢᠨ ᠲᠣᠮᠣᠬᠠᠨ ᠬᠣᠯᠪᠣᠭ᠎ᠠ᠂ ᠺᠯᠦ᠋ᠫ ᠦᠳ ᠲᠦ ᠵᠠᠭᠤᠴᠢᠯᠠᠬᠤ᠂ ᠲᠥᠯᠥᠭᠡᠯᠡᠬᠦ ᠦᠢᠯᠡᠴᠢᠯᠡᠭᠡ ᠶᠢ ᠠᠯᠪᠠᠨ ᠶᠣᠰᠣᠭᠠᠷ ᠬᠡᠷᠡᠭᠵᠢᠭᠦᠯᠳᠡᠭ ᠃ ᠣᠳᠣ ᠪᠠᠷ ᠳᠡᠯᠡᠬᠡᠢ ᠶᠢᠨ ᠲᠣᠮᠣᠬᠠᠨ 10 ᠭᠠᠷᠤᠢ ᠰᠫᠣᠷᠲ ᠮᠧᠨᠧᠵᠮᠧᠨᠲ ᠦᠨ ᠺᠣᠮᠫᠠᠨᠢ  ᠲᠠᠢ ᠬᠠᠮᠲᠤᠷᠠᠨ ᠠᠵᠢᠯᠯᠠᠬᠤ ᠭᠡᠷ᠎ᠡ ᠶᠢ ᠪᠠᠶᠢᠭᠤᠯᠤᠨ ᠠᠵᠢᠯᠯᠠᠵᠤ ᠪᠠᠢᠨ᠎ᠠ᠃

ᠰᠡᠳᠬᠢᠭᠳᠡᠯ ᠦᠯᠡᠳᠡᠭᠡᠬᠦ