ᠮ ∙ ᠬᠠᠨᠳᠠᠵᠠᠪ ᠰᠢᠯᠢᠳᠡᠭ 16  ᠳᠦ ᠰᠢᠯᠭᠠᠷᠠᠪᠠ | News.MN

ᠮ ∙ ᠬᠠᠨᠳᠠᠵᠠᠪ ᠰᠢᠯᠢᠳᠡᠭ 16  ᠳᠦ ᠰᠢᠯᠭᠠᠷᠠᠪᠠ

ᠡᠨᠡ ᠵᠢᠯ ᠦᠨ ᠠᠽᠢᠶ᠎ᠠ ᠶᠢᠨ ᠨᠠᠭᠠᠳᠤᠮ ᠳᠤ ᠰᠢᠨ᠎ᠡ ᠲᠥᠷᠥᠯ ᠪᠣᠯᠵᠤ ᠨᠡᠮᠡᠭᠳᠡᠭᠰᠡᠨ ᠪᠷᠧᠢᠺ ᠪᠦᠵᠢᠭ ᠲᠦ ᠮᠣᠩᠭᠣᠯ ᠤᠯᠤᠰ ᠠᠴᠠ ᠭ ∙  ᠭᠠᠩ ᠦᠯᠵᠡᠢ᠂ ᠴ ∙ ᠳᠦᠯᠭᠡᠨ ᠨᠠᠷ ᠤᠷ᠎ᠠ ᠴᠢᠳᠠᠪᠤᠷᠢ ᠪᠠᠨ ᠰᠣᠷᠢᠭᠰᠠᠨ ᠶᠤᠮ᠃ ᠲᠡᠭᠡᠭᠡᠳ ᠭ ∙ ᠭᠠᠩ ᠥᠯᠵᠡᠢ 528 ᠣᠨᠣᠭ᠎ᠠ ᠪᠠᠷ 19  ᠳᠦ᠂ ᠴ ∙ ᠳᠦᠯᠭᠡᠨ 487 ᠣᠨᠣᠭ᠎ᠠ ᠪᠠᠷ 20  ᠳᠦ ᠵᠢᠭᠰᠠᠯ᠎ᠠ᠃

ᠬᠠᠷᠢᠨ ᠡᠮᠡᠭᠲᠡᠢ ᠠᠩᠭᠢᠯᠠᠯ ᠳᠤ ᠤᠯᠤᠰ ᠢᠶᠠᠨ ᠲᠥᠯᠦᠭᠡᠯᠡᠭᠰᠡᠨ ᠮ ∙ ᠬᠠᠨᠳᠠᠵᠠᠪ ᠤᠷᠢᠳᠴᠢᠯᠠᠭᠰᠠᠨ ᠳᠤ 509 ᠣᠨᠣᠭ᠎ᠠ ᠪᠠᠷ ᠰᠢᠯᠢᠳᠡᠭ 16  ᠳᠦ ᠲᠤᠨᠵᠤ ᠦᠯᠡᠳᠡᠭᠰᠡᠨ ᠶᠤᠮ᠃ ᠶᠠᠫᠣᠨ᠂ ᠬᠠᠰᠠᠭᠰᠲ᠋ᠠᠨ ᠤ ᠲᠠᠮᠢᠷᠴᠢᠳ ᠬᠠᠮᠤᠭ ᠤᠨ ᠣᠯᠠᠨ ᠰᠠᠨᠠᠯ ᠠᠪᠤᠭᠰᠠᠨ ᠢᠶᠠᠷ ᠬᠠᠰᠤᠭᠳᠠᠬᠤ ᠱᠠᠲᠤᠨ ᠳᠤ ᠥᠷᠢᠰᠦᠯᠳᠦᠬᠦ ᠪᠡᠷ ᠰᠢᠯᠭᠠᠷᠠᠭᠰᠠᠨ ᠪᠣᠯ ᠮ ∙ ᠬᠠᠨᠳᠠᠵᠠᠪ ᠸᠢᠶᠧᠲ᠋ᠨᠠᠮ ᠲᠠᠢ ᠣᠨᠣᠭ᠎ᠠ ᠬᠤᠪᠢᠶᠠᠵᠤ᠂ ᠨᠡᠶᠢᠲᠡ ᠳᠣᠯᠣᠭᠠᠨ ᠰᠠᠨᠠᠯ ᠠᠪᠤᠭᠰᠠᠨ ᠢᠶᠠᠷ ᠲᠡᠮᠡᠴᠡᠭᠡᠨ ᠢᠶᠡᠨ ᠥᠨᠳᠦᠷᠯᠡᠵᠡᠢ᠃

ᠰᠡᠳᠬᠢᠭᠳᠡᠯ ᠦᠯᠡᠳᠡᠭᠡᠬᠦ