ᠮᠣᠩᠭᠣᠯ ᠤᠨ ᠠᠭᠤᠯᠠ ᠠᠭᠤᠷᠬᠠᠢ ᠶᠢᠨ ᠰᠠᠯᠪᠤᠷᠢ ᠡᠷᠴᠢᠮᠲᠡᠢ ᠰᠡᠷᠭᠦᠵᠦ ᠡᠬᠢᠯᠡᠭᠰᠡᠨ ᠨᠢ ᠳᠣᠲᠣᠭᠠᠳᠤ ᠶᠢᠨ ᠪᠠᠩᠭᠢ ᠨᠤᠭᠤᠳ ᠤᠨ ᠦᠢᠯᠡ ᠠᠵᠢᠯᠯᠠᠭᠠᠨ ᠳᠤ ᠡᠶᠡᠷᠭᠦ ᠪᠡᠷ ᠨᠥᠯᠥᠭᠡᠯᠡᠬᠦ ᠪᠡᠷ ᠪᠠᠶᠢᠨ᠎ᠠ ᠭᠡᠵᠦ ᠦᠨᠡᠯᠡᠭᠡᠨ ᠦ《Fitch Ratings》ᠠᠭᠧᠨᠲᠯᠢᠭ ᠦᠵᠡᠯ᠎ᠡ᠃
2023 ᠣᠨ ᠤ ᠡᠬᠢᠨ ᠦ ᠬᠠᠭᠠᠰ ᠵᠢᠯ ᠳᠦ ᠵᠢᠭᠡᠯᠡ ᠣᠯᠭᠣᠯᠲᠠ ᠨᠡᠮᠡᠭᠳᠡᠭᠰᠡᠨ ᠨᠢ ᠪᠢᠽᠢᠨᠧᠰ ᠦᠨ ᠣᠷᠴᠢᠨ ᠢ ᠰᠠᠶᠢᠵᠢᠷᠠᠭᠤᠯᠬᠤ ᠳᠤ ᠨᠥᠯᠦᠭᠡᠯᠡᠭᠰᠡᠨ᠃ ᠮᠥᠨ ᠲᠣᠮᠣᠬᠠᠨ ᠪᠠᠩᠭᠢ ᠨᠤᠭᠤᠳ IPO ᠬᠢᠬᠦ ᠳᠦ ᠪᠡᠨ ᠺᠠᠫᠢᠲ᠋ᠠᠯ ᠬᠥᠷᠥᠩᠭᠡ ᠶᠢᠨ ᠬᠡᠮᠵᠢᠶ᠎ᠡ ᠪᠡᠨ ᠨᠡᠮᠡᠭᠳᠡᠭᠦᠯᠦᠭᠰᠡᠨ ᠨᠢ ᠦᠰᠦᠯᠲᠡ ᠳᠦ ᠳᠡᠮᠵᠢᠯᠭᠡ ᠪᠣᠯᠤᠨ᠎ᠠ ᠭᠡᠵᠦ ᠲᠡᠳᠡ ᠳ᠋ᠦᠩᠨᠡᠭᠰᠡᠨ ᠪᠠᠶᠢᠨ᠎ᠠ᠃
IPO ᠬᠢᠭᠰᠡᠨ ᠰᠢᠰᠲ᠋ᠧᠮ ᠦᠨ ᠨᠥᠯᠦᠭᠡ ᠪᠦᠬᠦᠢ ᠲᠠᠪᠤᠨ ᠪᠠᠩᠬᠢᠨ ᠤ ᠬᠤᠪᠢᠴᠠᠭᠠᠨ ᠤ ᠬᠠᠩᠰᠢ ᠪᠦᠭᠦᠳᠡ ᠠᠩᠬ᠎ᠠ ᠠᠷᠠᠯᠵᠢᠶᠠᠯᠠᠭᠳᠠᠵᠤ ᠡᠬᠢᠯᠡᠭᠰᠡᠨ ᠬᠠᠩᠰᠢᠨ ᠠᠴᠠ ᠪᠠᠨ ᠪᠠᠭᠤᠷᠠᠭᠰᠠᠨ ᠬᠥᠳᠡᠯᠭᠡᠭᠡᠨ ᠲᠡᠢ ᠪᠠᠶᠢᠨ᠎ᠠ᠃