ᠲᠡᠭᠦᠯᠳᠡᠷ ᠬᠤᠭᠤᠷᠴᠢ ᠰ∙ᠤᠳᠤᠭᠡᠷᠡᠯ ᠶᠠᠫᠣᠨ ᠳᠤ ᠲᠣᠭᠯᠠᠯᠲᠠ ᠬᠢᠨ᠎ᠡ | News.MN

ᠲᠡᠭᠦᠯᠳᠡᠷ ᠬᠤᠭᠤᠷᠴᠢ ᠰ∙ᠤᠳᠤᠭᠡᠷᠡᠯ ᠶᠠᠫᠣᠨ ᠳᠤ ᠲᠣᠭᠯᠠᠯᠲᠠ ᠬᠢᠨ᠎ᠡ

ᠮᠣᠩᠭᠣᠯ ᠤᠨ ᠲᠡᠭᠦᠯᠳᠡᠷ ᠬᠤᠭᠤᠷᠴᠢ ᠰ ∙ ᠤᠳᠤᠭᠡᠷᠡᠯ ᠶᠠᠫᠣᠨ ᠤᠯᠤᠰ ᠤᠨ ᠲᠤᠤᠺᠢᠤ᠋ ᠬᠣᠲᠠ ᠶᠢᠨ ᠰᠠᠨᠲ᠋ᠣᠷᠢ ᠾᠤᠯᠯ ᠤᠨ 《ᠴᠡᠩᠬᠡᠷ ᠰᠠᠷᠠᠨᠠᠢ》 ᠲᠠᠩᠬᠢᠮ ᠳᠤ ᠡᠨᠡ ᠰᠠᠷ᠎ᠠ ᠶᠢᠨ 21  ᠳᠦ ᠲᠣᠭᠯᠠᠯᠲᠠ ᠬᠢᠬᠦ ᠪᠡᠷ ᠪᠣᠯᠵᠠᠢ᠃  ᠲᠡᠷᠡᠪᠡᠷ ᠮᠣᠩᠭᠣᠯ ᠤᠨ ᠦᠶ᠎ᠡ ᠦᠶ᠎ᠡ ᠶᠢᠨ ᠰᠢᠯᠢᠳᠡᠭ ᠬᠥᠭᠵᠢᠮ ᠦᠨ ᠵᠣᠬᠢᠶᠠᠯᠴᠢᠳ ᠪᠣᠯᠬᠤ ᠰ ∙ ᠭᠤᠨᠴᠤᠭᠰᠦ᠋ᠮᠯᠠ᠂ ᠽ ∙ ᠬᠠᠩᠭᠠᠯ᠂ ᠪ ∙ ᠰᠢᠷᠠᠪ᠂ ᠰ ∙ ᠰᠠᠨᠰᠠᠷᠭᠡᠷᠡᠯᠲᠦᠬᠦ᠂ ᠱ ∙ ᠥᠯᠵᠡᠶᠢᠪᠠᠶᠠᠷ᠂ ᠬ ∙ ᠠᠯᠲᠠᠨᠭᠡᠷᠡᠯ ᠨᠠᠷ ᠤᠨ ᠪᠦᠲᠦᠭᠡᠯ ᠡᠴᠡ ᠲᠣᠯᠢᠯᠠᠭᠤᠯᠬᠤ ᠭᠡᠨ᠎ᠡ᠃

ᠰ ∙ᠤᠳᠤᠭᠡᠷᠡᠯ ᠨᠢ ᠬᠥᠭᠵᠢᠮ ᠪᠦᠵᠢᠭ ᠦᠨ ᠺᠣᠯᠯᠧᠵᠢ ᠳᠤ 13 ᠵᠢᠯ᠂  ᠢᠲ᠋ᠠᠯᠢ ᠶᠢᠨ ᠫᠷᠦᠵᠠ ᠬᠣᠲᠠ ᠶᠢᠨ ᠬᠥᠭᠵᠢᠮ ᠦᠨ  ᠰᠤᠷᠭᠠᠭᠤᠯᠢ ᠳᠤ ᠶᠢᠰᠦᠨ ᠵᠢᠯ ᠲᠡᠭᠦᠯᠳᠡᠷ ᠬᠤᠭᠤᠷᠴᠢ ᠮᠡᠷᠭᠡᠵᠢᠯ ᠢᠶᠡᠷ ᠰᠤᠷᠤᠯᠴᠠᠭᠰᠠᠨ ᠪᠢᠯᠡ᠃ ᠲᠡᠷᠡ ᠥᠩᠭᠡᠷᠡᠭᠰᠡᠨ ᠰᠠᠷ᠎ᠠ ᠳᠤ ᠮᠣᠩᠭᠣᠯ ᠤᠯᠤᠰ ᠤᠨ ᠹᠢᠯᠠᠷᠮᠣᠨᠢ ᠳᠤ ᠳᠤᠯᠤᠳᠠᠬᠢ ᠭᠠᠭᠴᠠᠭᠠᠷᠴᠢᠯᠠᠭᠰᠠᠨ ᠲᠠᠶᠢᠯᠤᠨ ᠲᠣᠭᠯᠠᠯᠲᠠ ᠪᠠᠨ ᠬᠢᠭᠰᠡᠨ ᠶᠤᠮ᠃

ᠰᠡᠳᠬᠢᠭᠳᠡᠯ ᠦᠯᠡᠳᠡᠭᠡᠬᠦ