ᠬᠥᠪᠰᠥᠭᠥᠯ ᠨᠠᠭᠤᠷ ᠲᠤ ᠠᠩᠬ᠎ᠠ ᠤᠳᠠᠭ᠎ᠠ ᠮᠥᠰᠥ ᠲᠡᠢ ᠤᠰᠤᠨ ᠳᠤ ᠰᠡᠯᠢᠬᠦ ᠣᠯᠠᠨ ᠤᠯᠤᠰ ᠤᠨ ᠲᠡᠮᠡᠴᠡᠭᠡᠨ ᠪᠣᠯᠵᠤ ᠂ ᠨᠠᠢ᠌ᠮᠠᠨ ᠤᠯᠤᠰ ᠤᠨ 15 ᠲᠠᠮᠢᠷᠴᠢᠨ ᠣᠷᠣᠯᠴᠠᠵᠠᠢ᠃ ᠮᠣᠩᠭᠣᠯ ᠤᠯᠤᠰ ᠲᠤᠰ ᠲᠡᠮᠡᠴᠡᠭᠡᠨ ᠢ ᠵᠣᠬᠢᠶᠠᠨ ᠪᠠᠶᠢᠭᠤᠯᠤᠭᠰᠠᠨ ᠢᠶᠠᠷ ᠣᠯᠠᠨ ᠤᠯᠤᠰ ᠤᠨ ᠮᠥᠰᠥ ᠲᠡᠢ ᠤᠰᠤᠨ ᠳᠤ ᠰᠡᠯᠢᠬᠦ ᠬᠣᠯᠪᠣᠭᠠᠨ ᠳᠤ 92 ᠳᠠᠬᠢ ᠭᠡᠰᠢᠭᠦᠨ ᠢᠶᠡᠷ ᠡᠯᠰᠡᠬᠦ ᠪᠣᠯᠤᠭᠰᠠᠨ ᠪᠠᠶᠢᠨ᠎ᠠ᠃
ᠰᠣᠨᠢᠷᠬᠠᠯᠲᠠᠢ ᠨᠢ᠂ ᠲᠡᠮᠡᠴᠡᠭᠡᠨ ᠦ ᠣᠷᠣᠯᠴᠠᠭᠴᠢᠳ ᠠᠨᠲ᠋ᠠᠷᠺᠲ᠋ᠢᠳ᠋᠂ ᠬᠤᠢᠳᠤ ᠮᠥᠰᠦᠨ ᠳᠠᠯᠠᠢ᠂ ᠠᠩᠭᠯᠢ ᠶᠢᠨ ᠬᠣᠭᠣᠯᠠᠢ᠂ ᠪᠠᠯᠲ ᠤᠨ ᠲᠡᠩᠭᠢᠰ ᠵᠡᠷᠭᠡ ᠣᠯᠠᠨ ᠭᠠᠵᠠᠷ ᠰᠡᠯᠢᠵᠦ ᠪᠠᠶᠢᠭᠰᠠᠨ ᠬᠤᠢᠳᠤ ᠠᠹᠷᠢᠺᠠ᠂ ᠠᠦᠢᠰᠲᠷᠠᠯᠢᠶ᠎ᠠ᠂ ᠠᠩᠭᠯᠢ᠂ ᠭᠧᠷᠮᠠᠨ᠂ ᠫᠣᠯᠢᠰᠢ᠂ ᠮᠧᠺᠰᠢᠺᠦ ᠵᠡᠷᠭᠡ ᠤᠯᠤᠰ ᠤᠨ ᠲᠤᠷᠰᠢᠯᠭ᠎ᠠ ᠲᠠᠢ ᠲᠠᠮᠢᠷᠴᠢᠳ ᠪᠠᠢᠪᠠ᠃