ᠹᠷᠠᠨᠼᠢ  ᠳᠤ ᠭᠠᠷᠬᠤ ᠦᠵᠡᠰᠬᠦᠯᠡᠩ ᠦᠨ ᠦᠵᠡᠮᠤᠷᠢ ᠶᠢ ᠹᠷᠠᠨᠼᠢ ᠶᠢᠨ ᠺᠣᠮᠫᠠᠨᠢ ᠬᠠᠷᠢᠭᠤᠴᠠᠵᠠᠢ | News.MN

ᠹᠷᠠᠨᠼᠢ  ᠳᠤ ᠭᠠᠷᠬᠤ ᠦᠵᠡᠰᠬᠦᠯᠡᠩ ᠦᠨ ᠦᠵᠡᠮᠤᠷᠢ ᠶᠢ ᠹᠷᠠᠨᠼᠢ ᠶᠢᠨ ᠺᠣᠮᠫᠠᠨᠢ ᠬᠠᠷᠢᠭᠤᠴᠠᠵᠠᠢ

ᠹᠷᠠᠨᠼᠢ ᠤᠯᠤᠰ ᠤᠨ ᠨᠠᠨᠲ  ᠬᠤᠲᠠ ᠳᠤ ᠢᠷᠡᠬᠦ 14  ᠦ ᠡᠳᠦᠷ ᠨᠡᠭᠡᠭᠡᠭᠳᠡᠬᠦ《ᠴᠢᠩᠭᠢᠰ ᠬᠠᠭᠠᠨ》ᠦᠵᠡᠰᠬᠦᠯᠡᠩ ᠳᠦ ᠲᠠᠯᠪᠢᠭᠳᠠᠬᠤ ᠦᠵᠡᠮᠦᠷᠢ ᠨᠦᠭᠦᠳ ᠪᠦᠭᠦᠳᠡ ᠹᠷᠠᠨᠼᠢ ᠳᠤ ᠣᠴᠢᠵᠠᠢ᠃ ᠡᠨᠡ ᠲᠠᠯ᠎ᠠ ᠪᠠᠷ《ᠴᠢᠩᠭᠢᠰ ᠬᠠᠭᠠᠨ》ᠮᠦᠽᠧᠢ ᠶᠢᠨ ᠵᠠᠬᠢᠷᠤᠯ ᠰ ∙ ᠴᠢᠯᠠᠭᠤᠨ ᠄ ᠮᠠᠨ ᠤ ᠬᠢ ᠠᠴᠠ ᠬᠣᠶᠠᠷ ᠮᠡᠷᠭᠡᠵᠢᠯᠲᠡᠨ᠂ ᠰᠠᠩ ᠬᠥᠮᠥᠷᠭᠡᠴᠢ ᠬᠢᠨᠠᠯᠲᠠ ᠲᠠᠯᠪᠢᠨ ᠠᠵᠢᠯᠯᠠᠵᠤ ᠪᠠᠶᠢᠨ᠎ᠠ᠃ ᠡᠳᠡᠭᠡᠷ ᠢ ᠬᠣᠶᠠᠷ ᠤᠯᠤᠰ ᠤᠨ ᠬᠣᠭᠣᠷᠣᠨᠳᠣ ᠶᠢᠨ ᠭᠡᠷ᠎ᠡ ᠶᠢᠨ ᠳᠠᠭᠠᠤ ᠠᠯᠪᠠᠨ ᠶᠣᠰᠣᠨ ᠤ ᠵᠥᠪᠰᠢᠶᠡᠷᠡᠯ ᠲᠡᠢ ᠬᠢᠵᠦ ᠪᠠᠶᠢᠭ᠎ᠠ ᠭᠡᠪᠡ᠃

ᠲᠡᠭᠦᠨ ᠦ ᠬᠡᠯᠡᠭᠰᠡᠨ ᠢᠶᠡᠷ ᠮᠣᠩᠭᠣᠯ ᠳᠤ ᠠᠷᠬᠧᠣᠯᠣᠭᠢ ᠶᠢᠨ ᠳᠤᠷᠠᠰᠬᠠᠯ ᠢ ᠳᠠᠭᠠᠳᠬᠠᠬᠤ ᠺᠣᠮᠫᠠᠨᠢ ᠪᠠᠶᠢᠳᠠᠭ ᠦᠭᠡᠢ ᠤᠴᠢᠷ ᠠᠴᠠ ᠲᠡᠭᠡᠭᠡᠪᠦᠷᠢᠯᠡᠯᠲᠡ᠂ ᠳᠠᠭᠠᠳᠬᠠᠯ ᠵᠡᠷᠭᠡ ᠶᠢ ᠣᠯᠠᠨ ᠤᠯᠤᠰ ᠤᠨ ᠪᠠᠶᠢᠭᠤᠯᠤᠯᠭ᠎ᠠ ᠨᠤᠭᠤᠳ ᠭᠦᠢᠴᠡᠳᠭᠡᠵᠦ ᠪᠠᠶᠢᠭ᠎ᠠ ᠠᠵᠠᠢ᠃ ᠲᠤᠬᠠᠶᠢᠯᠠᠪᠠᠯ᠂ ᠲᠡᠭᠡᠭᠡᠪᠦᠷᠢᠯᠡᠯᠲᠡ ᠶᠢ ᠹᠷᠠᠨᠼᠢ ᠶᠢᠨ Grospiron Fine Art ᠺᠣᠮᠫᠠᠨᠢ ᠬᠠᠷᠢᠭᠤᠴᠠᠵᠤ᠂ ᠮᠣᠩᠭᠣᠯ ᠤᠨ ᠲᠠᠯ᠎ᠠ ᠠᠴᠠ《ᠲᠤᠤᠰᠢᠩ》 ᠺᠣᠮᠫᠠᠨᠢ ᠣᠷᠣᠯᠴᠠᠵᠤ ᠪᠠᠶᠢᠭ᠎ᠠ ᠪᠥᠭᠡᠳ ᠦᠵᠡᠮᠦᠷᠢ ᠨᠦᠭᠦᠳ ᠦᠨ ᠰᠠᠪᠠ᠂ ᠪᠠᠭᠯᠠᠭ᠎ᠠ ᠪᠣᠭᠣᠳᠠᠯ ᠢ ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ《Dongbu Art》ᠺᠣᠮᠫᠠᠨᠢ ᠬᠠᠷᠢᠭᠤᠴᠠᠭᠰᠠᠨ ᠪᠠᠶᠢᠨ᠎ᠠ᠃ ᠮᠣᠩᠭᠣᠯ  ᠠᠴᠠ ᠨᠡᠶᠢᠲᠡ 400 ᠭᠠᠷᠤᠢ ᠣᠯᠳᠠᠪᠤᠷᠢ᠂ ᠳᠤᠷᠠᠰᠬᠠᠯ᠂ ᠬᠤᠪᠢ ᠴᠤᠭᠯᠠᠭᠤᠯᠤᠭᠴᠢ ᠶᠢᠨ ᠦᠵᠡᠮᠦᠷᠢ ᠨᠦᠭᠦᠳ  ᠢ ᠹᠷᠠᠨᠼᠢ ᠳᠤ ᠳᠡᠯᠭᠡᠨ ᠦᠵᠡᠭᠦᠯᠦᠨ᠎ᠡ᠃

ᠰᠡᠳᠬᠢᠭᠳᠡᠯ ᠦᠯᠡᠳᠡᠭᠡᠬᠦ