《ᠠᠷᠤ ᠬᠥᠪᠴᠢ》ᠺᠢᠨᠣ᠋  ᠪᠠᠷ ᠮᠣᠩᠭᠣᠯ ᠤᠬᠠᠭᠠᠨ᠂ ᠥᠪ ᠰᠤᠶᠤᠯ ᠢ ᠳᠡᠯᠡᠬᠡᠢ ᠳᠦ ᠰᠤᠷᠲᠠᠯᠴᠢᠯᠠᠨ᠎ᠠ | News.MN

《ᠠᠷᠤ ᠬᠥᠪᠴᠢ》ᠺᠢᠨᠣ᠋  ᠪᠠᠷ ᠮᠣᠩᠭᠣᠯ ᠤᠬᠠᠭᠠᠨ᠂ ᠥᠪ ᠰᠤᠶᠤᠯ ᠢ ᠳᠡᠯᠡᠬᠡᠢ ᠳᠦ ᠰᠤᠷᠲᠠᠯᠴᠢᠯᠠᠨ᠎ᠠ

ᠨᠡᠷᠡᠲᠦ ᠨᠠᠶᠢᠷᠠᠭᠤᠯᠤᠭᠴᠢ ᠳᠣᠷᠵᠢᠰᠠᠮᠪᠤᠤ ᠶᠢᠨ ᠬᠦᠦ ᠴᠣᠭᠲᠤ ᠶᠢᠨ 《ᠠᠷᠤ ᠬᠥᠪᠴᠢ》 ᠬᠡᠮᠡᠬᠦ ᠤᠷᠠᠨ ᠰᠠᠶᠢᠬᠠᠨ ᠤ ᠺᠢᠨᠣ᠋ ᠡᠨᠡ ᠪᠠᠰᠠᠩ ᠭᠠᠷᠠᠭ ︵09.29︶ᠲᠤ ᠨᠡᠭᠡᠭᠡᠯᠲᠡ ᠪᠡᠨ ᠬᠢᠨ᠎ᠡ᠃  ᠵᠣᠬᠢᠶᠠᠯ ᠢ ᠲᠡᠷᠡ ᠥᠪᠡᠷ ᠢᠶᠡᠨ ᠪᠢᠴᠢᠵᠦ᠂ ᠶᠡᠷᠦᠩᠬᠡᠢ ᠨᠠᠶᠢᠷᠠᠭᠤᠯᠤᠭᠴᠢ᠂ ᠶᠡᠷᠦᠩᠬᠡᠢ ᠫᠷᠣᠳᠢᠶᠦ᠋ᠰᠧᠷ ᠢᠶᠠᠷ ᠨᠢ ᠠᠵᠢᠯᠯᠠᠵᠠᠢ᠃
ᠡᠨᠡ ᠬᠦ ᠺᠢᠨᠣ᠋  ᠪᠠᠷ  ᠳᠡᠯᠡᠬᠡᠢ ᠳᠦ ᠬᠣᠪᠣᠷᠬᠠᠨ ᠮᠣᠩᠭᠣᠯ ᠨᠡᠭᠦᠳᠡᠯᠴᠢᠳ ᠦᠨ ᠰᠤᠶᠤᠯ᠂ ᠠᠬᠤᠢ ᠠᠮᠢᠳᠤᠷᠠᠯ᠂ ᠰᠠᠶᠢᠬᠠᠨ ᠰᠡᠳᠬᠢᠯ᠂ ᠬᠦᠮᠦᠨ ᠴᠢᠨᠠᠷ᠂ ᠰᠠᠭᠤᠷᠢᠨ ᠢᠷᠭᠡᠨᠰᠢᠯ᠂ ᠮᠣᠩᠭᠣᠯ ᠤᠬᠠᠭᠠᠨ᠂ ᠥᠪ ᠰᠤᠶᠤᠯ ᠢ ᠳᠡᠯᠡᠬᠡᠢ ᠳᠦ ᠰᠤᠷᠲᠠᠯᠴᠢᠯᠠᠬᠤ ᠵᠣᠷᠢᠯᠭ᠎ᠠ ᠲᠠᠢ᠃ ᠺᠢᠨᠤ᠋ ᠶᠢᠨ ᠵᠢᠷᠤᠭ ᠠᠪᠤᠯᠲᠠ ᠶᠢ ᠡᠨᠡ ᠵᠤᠨ ᠪᠤᠯᠠᠭᠠᠨ ᠠᠶᠢᠮᠠᠭ ᠤᠨ ᠬᠤᠲᠤᠭ-ᠥᠨᠳᠥᠷ ᠰᠤᠮᠤ ᠶᠢᠨ ᠪᠠᠢᠭᠠᠯᠢ ᠶᠢᠨ ᠦᠵᠡᠰᠬᠦᠯᠡᠩᠲᠦ ᠭᠠᠵᠠᠷ ᠬᠢᠭᠰᠡᠨ ᠪᠥᠭᠡᠳ ᠬᠠᠷᠢᠯᠴᠠᠨ ᠶᠠᠷᠢᠶ᠎ᠠ ᠦᠭᠡᠢ ᠪᠡᠷ ᠬᠢᠭᠳᠡᠭᠰᠡᠨ ᠢᠶᠡᠷ ᠢᠶᠡᠨ ᠣᠨᠴᠠᠯᠢᠭ ᠲᠠᠢ ᠬᠡᠮᠡᠵᠦ ᠪᠤᠢ᠃

ᠰᠡᠳᠬᠢᠭᠳᠡᠯ ᠦᠯᠡᠳᠡᠭᠡᠬᠦ