《ᠠᠪᠢᠶᠠᠰᠯᠢᠭ ᠬᠥᠭᠵᠢᠮᠴᠢᠨ》ᠳᠦᠷᠪᠡᠳᠦᠭᠡᠷ ᠤᠯᠤᠰ ᠤᠨ ᠤᠷᠤᠯᠳᠤᠭᠠᠨ ᠠᠴᠠ ᠳᠣᠯᠣᠭᠠᠨ ᠮᠧᠳᠠᠯ ᠬᠦᠷᠲᠡᠯ᠎ᠡ | News.MN

《ᠠᠪᠢᠶᠠᠰᠯᠢᠭ ᠬᠥᠭᠵᠢᠮᠴᠢᠨ》ᠳᠦᠷᠪᠡᠳᠦᠭᠡᠷ ᠤᠯᠤᠰ ᠤᠨ ᠤᠷᠤᠯᠳᠤᠭᠠᠨ ᠠᠴᠠ ᠳᠣᠯᠣᠭᠠᠨ ᠮᠧᠳᠠᠯ ᠬᠦᠷᠲᠡᠯ᠎ᠡ

ᠬᠣᠪᠳᠣ ᠠᠶᠢᠮᠠᠭ ᠲᠤ ᠡᠨᠡ ᠰᠠᠷ᠎ᠠ ᠶᠢᠨ 9-10 ᠳᠦ ᠪᠣᠯᠤᠭᠰᠠᠨ《ᠠᠪᠢᠶᠠᠰᠯᠢᠭ ᠬᠥᠭᠵᠢᠮᠴᠢᠨ》ᠤᠯᠤᠰ ᠤᠨ ᠤᠷᠤᠯᠳᠤᠭᠠᠨ ᠳᠤ ᠳᠣᠷᠣᠨᠠᠭᠣᠪᠢ ᠠᠶᠢᠮᠠᠭ ᠤᠨ《ᠢᠪᠡᠭᠡᠯ》ᠬᠥᠭᠵᠢᠮ ᠦᠨ ᠰᠤᠷᠭᠠᠯᠲᠠ ᠶᠢᠨ ᠲᠥᠪ ᠦᠨ ᠪᠠᠭᠰᠢ᠂ ᠰᠤᠷᠤᠭᠴᠢᠳ ᠣᠷᠣᠯᠴᠠᠵᠤ ᠨᠢᠭᠡ ᠠᠯᠲᠠ᠂ ᠬᠣᠶᠠᠷ ᠮᠥᠩᠭᠥ᠂ ᠳᠥᠷᠪᠡᠨ ᠬᠦᠷᠡᠯ ᠮᠧᠳᠠᠯ ᠬᠦᠷᠲᠡᠭᠰᠡᠨ ᠠᠮᠵᠢᠯᠲᠠ ᠶᠢ ᠦᠵᠡᠭᠦᠯᠦᠯ᠎ᠡ᠃

ᠲᠤᠰ ᠤᠷᠤᠯᠳᠤᠭᠠᠨ ᠳᠤ ᠭᠣᠴᠣᠯᠠᠯ ᠲᠥᠷᠥᠯ ᠦᠨ 7-8 ᠨᠠᠰᠤᠨ ᠤ ᠠᠩᠭᠢᠯᠠᠯ ᠳᠤ ᠲ∙ᠡᠭᠡᠰᠢᠭᠯᠡᠨ ᠠᠯᠲᠠᠨ ᠮᠧᠳᠠᠯ᠂ ᠠ᠊ ∙ᠬᠠᠯᠢᠭᠤᠨ ᠬᠦᠷᠡᠯ ᠮᠧᠳᠠᠯ᠂ 15-17 ᠨᠠᠰᠤᠨ ᠤ ᠠᠩᠭᠢᠯᠠᠯ ᠳᠤ ᠪ∙ᠠᠨᠳᠠ ᠮᠥᠩᠭᠥᠨ ᠮᠧᠳᠠᠯ᠂ 9-11 ᠨᠠᠰᠤᠨ ᠤ ᠠᠩᠭᠢᠯᠠᠯ ᠳᠤ ᠴ∙ᠤᠤᠭᠠᠨᠨᠵᠤᠯᠠ ᠬᠦᠷᠡᠯ ᠮᠧᠳᠠᠯ᠂ 12-14 ᠨᠠᠰᠤᠨ ᠳᠤ ᠼ ∙ ᠰᠡᠷᠡᠩᠵᠢᠷᠭᠠᠯ ᠨᠠᠷ ᠲᠤᠰ ᠲᠤᠰ ᠬᠦᠷᠡᠯ ᠮᠧᠳᠠᠯ ᠬᠦᠷᠲᠡᠭᠰᠡᠨ ᠪᠣᠯ ᠠᠨᠰᠠᠮᠪᠯᠢ ᠲᠥᠷᠥᠯ ᠢᠶᠡᠷ᠂ 15-17 ᠨᠠᠰᠤᠨ ᠳᠤ ᠪ ∙ ᠠᠨᠳᠠ᠂ ᠴ∙ᠤᠤᠭᠠᠨᠨᠵᠤᠯᠠ ᠨᠠᠷ ᠮᠥᠩᠭᠥᠨ ᠮᠧᠳᠠᠯ ᠲᠤᠰ ᠲᠤᠰ ᠬᠦᠷᠲᠡᠵᠡᠢ᠃

ᠰᠡᠳᠬᠢᠭᠳᠡᠯ ᠦᠯᠡᠳᠡᠭᠡᠬᠦ