ᠨᠤᠷᠪᠤᠯᠢᠨ ᠰᠤᠮᠤᠨ ᠳᠤ ᠰᠢᠭᠢᠬᠤᠲᠤᠭ ᠤᠨ ᠬᠥᠰᠢᠶ᠎ᠡ ᠶᠢ ᠪᠣᠰᠬᠠᠵᠠᠢ | News.MN

ᠨᠤᠷᠪᠤᠯᠢᠨ ᠰᠤᠮᠤᠨ ᠳᠤ ᠰᠢᠭᠢᠬᠤᠲᠤᠭ ᠤᠨ ᠬᠥᠰᠢᠶ᠎ᠡ ᠶᠢ ᠪᠣᠰᠬᠠᠵᠠᠢ

ᠬᠡᠨᠲᠡᠢ ᠠᠶᠢᠮᠠᠭ ᠤᠨ ᠨᠤᠷᠪᠤᠯᠢᠨ ᠰᠤᠮᠤᠨ ᠳᠤ ᠪᠠᠷᠢᠵᠤ ᠪᠤᠢ《ᠰᠢᠭᠢᠬᠤᠲᠤᠭ᠂ ᠶᠡᠬᠡ ᠵᠠᠰᠠᠭ》ᠲᠡᠦᠬᠡᠨ ᠠᠶᠠᠯᠠᠯ ᠵᠢᠭᠤᠯᠴᠢᠯᠠᠯ ᠤᠨ ᠴᠣᠭᠴᠠᠯᠠᠪᠤᠷᠢ ᠶᠢᠨ ᠨᠢᠭᠡ ᠬᠡᠰᠡᠭ ᠪᠣᠯᠤᠭᠰᠠᠨ ᠰᠢᠭᠢᠬᠤᠲᠤᠭ ᠤᠨ ᠬᠥᠰᠢᠶ᠎ᠡ ᠶᠢ ᠵᠢᠪᠡᠷᠡᠳᠡᠭ ᠦᠭᠡᠢ ᠭᠠᠩ ᠲᠡᠮᠦᠷ ᠢᠶᠡᠷ ᠤᠷᠠᠯᠠᠨ ᠪᠦᠲᠦᠭᠡᠵᠡᠢ᠃ ᠤᠷᠠᠯᠢᠭ ᠤᠨ ᠭᠠᠪᠢᠶᠠᠲᠤ ᠵᠢᠳᠬᠦᠯᠲᠡᠨ᠂ ᠳ᠋ᠢᠽᠠᠶᠢᠨᠧᠷ ᠳ∙ᠡᠷᠳᠡᠮᠪᠢᠯᠢᠭ ᠦᠨ ᠪᠦᠲᠦᠭᠡᠯ ᠪᠣᠯᠬᠤ ᠲᠤᠰ ᠬᠥᠰᠢᠶ᠎ᠡ ᠨᠢ ᠲᠠᠪᠤᠨ ᠮᠧᠲ᠋ᠷ ᠠᠷᠪᠠᠨ ᠰᠠᠨᠲ᠋ᠢᠮᠧᠲ᠋ᠷ ᠤᠨ ᠥᠨᠳᠥᠷ ᠲᠡᠢ ᠪᠥᠭᠡᠳ ᠮᠣᠩᠭᠣᠯ ᠪᠢᠴᠢᠭ ᠢᠶᠡᠷ ᠰᠢᠭᠢᠬᠤᠲᠤᠭ ᠤᠨ 56 ᠬᠠᠤᠯᠢ ᠶᠢ ᠪᠠᠭᠲᠠᠭᠠᠵᠤ ᠥᠭᠭᠦᠭᠰᠡᠨ ᠢᠶᠡᠷ ᠢᠶᠡᠨ ᠣᠨᠴᠠᠯᠢᠭ ᠲᠠᠢ᠃ ᠴᠣᠭᠴᠠᠯᠠᠪᠤᠷᠢ ᠶᠢᠨ ᠳᠣᠲᠣᠷ᠎ᠠ ᠮᠦᠽᠧᠢ ᠶᠢᠨ ᠲᠠᠩᠬᠢᠮ᠂ 42 ᠬᠦᠮᠦᠨ ᠦ ᠰᠠᠭᠤᠳᠠᠯ ᠲᠠᠢ ᠺᠢᠨᠣ᠋ ᠲᠢᠶᠠᠲ᠋ᠷ᠂ ᠬᠡᠦᠬᠡᠳ ᠦᠨ ᠲᠣᠭᠯᠠᠭᠠᠮ ᠤᠨ ᠥᠷᠥᠭᠡ᠂ ᠰᠠᠩ ᠬᠥᠮᠥᠷᠭᠡ ᠶᠢᠨ ᠥᠷᠥᠭᠡᠨ ᠡᠴᠡ ᠭᠠᠳᠠᠨ᠎ᠠ ᠣᠹᠹᠢᠰ ᠤᠨ ᠵᠣᠷᠢᠭᠤᠯᠤᠯᠲᠠ ᠪᠠᠷ ᠠᠰᠢᠭᠯᠠᠬᠤ 10 ᠥᠷᠥᠭᠡ ᠶᠢ ᠲᠥᠯᠥᠪᠯᠡᠵᠡᠢ᠃ ᠮᠥᠨ ᠭᠠᠳᠠᠨ᠎ᠠ ᠲᠠᠯ᠎ᠠ ᠳᠤ ᠪᠠᠨ 60 ᠮᠠᠰᠢᠨ ᠲᠡᠷᠭᠡ᠂ ᠲᠠᠪᠤᠨ ᠠᠦ᠋ᠲ᠋ᠣᠪᠦ᠋ᠰ᠂ ᠲᠠᠪᠤᠨ ᠳᠤᠭᠤᠢ ᠶᠢᠨ ᠵᠣᠭᠰᠣᠭᠠᠯ ᠲᠠᠢ᠂ 10 ᠭᠠᠷᠤᠢ ᠲᠥᠷᠥᠯ ᠦᠨ ᠨᠠᠪᠴᠢᠲᠤ ᠮᠣᠳᠣ ᠲᠠᠢ ᠴᠡᠴᠡᠷᠯᠢᠭᠲᠦ ᠬᠦᠷᠢᠶᠡᠯᠡᠩ ᠲᠡᠢ ᠪᠠᠶᠢᠬᠤ ᠶᠤᠮ᠃
ᠤᠯᠤᠰ ᠤᠨ ᠲᠥᠰᠥᠪ ᠦᠨ 18 ᠲᠡᠷᠪᠤᠮ ᠲᠥᠭᠥᠷᠢᠭ ᠦᠨ ᠬᠥᠷᠥᠩᠭᠡ ᠣᠷᠣᠭᠤᠯᠤᠯᠲᠠ ᠪᠠᠷ 2020 ᠣᠨ ᠳᠤ ᠪᠠᠷᠢᠯᠭ᠎ᠠ ᠶᠢᠨ ᠰᠠᠭᠤᠷᠢ ᠪᠠᠨ ᠲᠠᠯᠪᠢᠭᠰᠠᠨ ᠤᠭ ᠴᠣᠭᠴᠠᠯᠠᠪᠤᠷᠢ ᠶᠢ 2024 ᠣᠨ ᠳᠤ ᠠᠰᠢᠭᠯᠠᠯᠲᠠ ᠳᠤ ᠣᠷᠣᠭᠤᠯᠬᠤ ᠪᠠᠷ ᠪᠦᠲᠦᠭᠡᠨ ᠪᠠᠶᠢᠭᠤᠯᠵᠤ ᠪᠠᠶᠢᠨ᠎ᠠ᠃

ᠰᠡᠳᠬᠢᠭᠳᠡᠯ ᠦᠯᠡᠳᠡᠭᠡᠬᠦ