ᠡᠨᠡ ᠤᠳᠠᠭ᠎ᠠ ᠶᠢᠨ ᠠᠽᠢᠶ᠎ᠠ ᠶᠢᠨ ᠨᠠᠭᠠᠳᠤᠮ ᠳᠤ ᠡᠷᠭᠢᠨ ᠢᠷᠡᠭᠰᠡᠨ ᠰᠫᠣᠷᠲ ᠤᠨ ᠲᠥᠷᠥᠯ ᠪᠣᠯ ᠰᠢᠲᠠᠷ᠎ᠠ᠃ ᠠᠩᠬ᠎ᠠ 2006 ᠣᠨ ᠤ ᠳ᠋ᠤᠾᠠ ᠶᠢᠨ ᠠᠽᠢᠶ᠎ᠠ ᠶᠢᠨ ᠣᠯᠢᠮᠫ ᠤᠨ ᠬᠥᠲᠥᠯᠪᠦᠷᠢ ᠳᠦ ᠪᠠᠭᠲᠠᠵᠤ ᠪᠠᠶᠢᠭᠰᠠᠨ ᠢᠶᠠᠨ 2010 ᠣᠨ ᠤ ᠭᠤᠸᠠᠨᠵᠤᠤ ᠶᠢᠨ ᠠᠽᠢᠶ᠎ᠠ ᠶᠢᠨ ᠨᠠᠭᠠᠳᠤᠮ ᠤᠨ ᠳᠠᠷᠠᠭ᠎ᠠ ᠬᠥᠲᠥᠯᠪᠦᠷᠢ ᠡᠴᠡ ᠬᠠᠰᠤᠭᠳᠠᠭᠰᠠᠨ ᠶᠤᠮ᠃
21 ᠣᠷᠣᠨ ᠤ 141 ᠰᠢᠲᠠᠷᠠᠴᠢᠨ ᠤᠬᠠᠭᠠᠨ ᠢᠶᠠᠨ ᠤᠷᠤᠯᠳᠤᠭᠤᠯᠵᠤ ᠪᠤᠢ ᠲᠤᠰ ᠲᠡᠮᠡᠴᠡᠭᠡᠨ ᠳᠦ ᠮᠣᠩᠭᠣᠯ ᠠᠴᠠ 10 ᠲᠠᠮᠢᠷᠴᠢᠨ ᠣᠷᠣᠯᠴᠠᠵᠤ ᠪᠠᠶᠢᠭ᠎ᠠ ᠪᠢᠯᠡ᠃ ᠡᠷᠡᠭᠲᠡᠶᠢᠴᠦᠳ ᠦᠨ ᠭᠠᠭᠴᠠᠭᠠᠷᠴᠢᠯᠠᠭᠰᠠᠨ ᠲᠥᠷᠥᠯ ᠳᠦ ᠰ∙ᠪᠢᠯᠢᠭᠦᠨ᠂ ᠰ∙ᠭᠠᠩᠡᠷᠳᠡᠨᠢ᠂ ᠡᠮᠡᠭᠲᠡᠢ ᠭᠠᠭᠴᠠᠭᠠᠷᠴᠢᠯᠠᠭᠰᠠᠨ ᠲᠥᠷᠥᠯ ᠳᠦ ᠲ∙ᠮᠦᠩᠬᠡᠵᠤᠯᠠ᠂ ᠪ∙ᠮᠦᠩᠭᠦᠨᠲᠤᠤᠯᠠ ᠨᠠᠷ ᠥᠷᠢᠰᠦᠯᠳᠦᠨ᠎ᠡ᠃