ᠲᠥᠪ ᠠᠶᠢᠮᠠᠭ ᠤᠨ ᠵᠢᠷᠭᠠᠯᠠᠩᠲᠤ ᠰᠤᠮᠤᠨ ᠳᠤ ᠭᠤᠷᠪᠠᠯᠵᠢᠨ ᠪᠤᠳᠠᠭ᠎ᠠ ᠲᠠᠷᠢᠶᠠᠯᠠᠵᠤ ᠪᠠᠶᠢᠨ᠎ᠠ | News.MN

ᠲᠥᠪ ᠠᠶᠢᠮᠠᠭ ᠤᠨ ᠵᠢᠷᠭᠠᠯᠠᠩᠲᠤ ᠰᠤᠮᠤᠨ ᠳᠤ ᠭᠤᠷᠪᠠᠯᠵᠢᠨ ᠪᠤᠳᠠᠭ᠎ᠠ ᠲᠠᠷᠢᠶᠠᠯᠠᠵᠤ ᠪᠠᠶᠢᠨ᠎ᠠ

ᠲᠥᠪ ᠠᠶᠢᠮᠠᠭ ᠤᠨ ᠵᠢᠷᠭᠠᠯᠠᠩᠲᠤ ᠰᠤᠮᠤᠨ ᠳᠤ《ᠵᠢᠷᠭᠠᠯᠠᠩᠲᠤ ᠬᠠᠷᠸᠧᠰᠲ》 ᠺᠣᠮᠫᠠᠨᠢ 150 ᠭᠠ ᠲᠠᠯᠠᠪᠠᠢ ᠳᠤ ᠭᠤᠷᠪᠠᠯᠵᠢᠨ ᠪᠤᠳᠠᠭ᠎ᠠ ᠲᠠᠷᠢᠶᠠᠯᠠᠵᠠᠢ᠃ ᠲᠡᠳᠡ ᠳᠥᠷᠪᠡᠨ ᠵᠢᠯ ᠦᠨ ᠡᠮᠦᠨ᠎ᠡ ᠡᠴᠡ ᠭᠤᠷᠪᠠᠯᠵᠢᠨ ᠪᠤᠳᠠᠭ᠎ᠠ ᠲᠠᠷᠢᠵᠦ ᠡᠬᠢᠯᠡᠭᠰᠡᠨ ᠪᠥᠭᠡᠳ ᠥᠪᠡᠷ ᠦᠨ ᠴᠧᠾ ᠳᠦ ᠪᠣᠯᠪᠠᠰᠤᠷᠠᠭᠤᠯᠤᠨ ᠭᠤᠷᠪᠠᠯᠵᠢᠨ ᠪᠤᠳᠠᠭᠠᠨ ᠤ ᠭᠤᠯᠢᠷ᠂ ᠭᠤᠢᠮᠤᠨ᠂ ᠲᠠᠯᠬ᠎ᠠ ᠦᠢᠯᠡᠳᠪᠦᠷᠢᠯᠡᠵᠦ᠂ ᠵᠠᠬ᠎ᠠ ᠵᠡᠭᠡᠯᠢ ᠳᠦ ᠨᠡᠶᠢᠯᠡᠭᠦᠯᠵᠦ ᠡᠬᠢᠯᠡᠵᠡᠢ᠃

ᠮᠠᠨ ᠤ ᠣᠷᠣᠨ ᠳᠤ ᠡᠮᠦᠨ᠎ᠡ ᠨᠢ ᠰᠡᠯᠡᠩᠭᠡ ᠠᠶᠢᠮᠠᠭ ᠤᠨ ᠵᠠᠷᠢᠮ ᠰᠤᠮᠤ᠂ ᠳᠣᠷᠣᠨᠠᠭᠣᠪᠢ ᠠᠶᠢᠮᠠᠭ᠂ ᠳᠣᠷᠣᠨᠠᠲᠤ ᠠᠶᠢᠮᠠᠭ ᠤᠨ ᠬᠠᠯᠬ᠎ᠠ ᠭᠤᠤᠯ ᠰᠤᠮᠤᠨ ᠳᠤ ᠭᠤᠷᠪᠠᠯᠵᠢᠨ ᠪᠤᠳᠠᠭ᠎ᠠ ᠲᠠᠷᠢᠶᠠᠯᠠᠵᠤ ᠡᠬᠢᠯᠡᠭᠰᠡᠨ ᠶᠤᠮ᠃ ᠭᠤᠷᠪᠠᠯᠵᠢᠨ ᠪᠤᠳᠠᠭ᠎ᠠ ᠨᠢ ᠪᠣᠯᠪᠠᠰᠤᠷᠠᠬᠤ ᠶᠠᠪᠤᠴᠠ ᠳᠤ ᠪᠠᠨ ᠶᠠᠮᠠᠷ ᠴᠤ ᠪᠣᠷᠳᠣᠭ᠎ᠠ ᠱᠠᠭᠠᠷᠳᠠᠳᠠᠭ ᠦᠭᠡᠢ ᠴᠤ ᠳᠤᠯᠠᠭᠠᠨ ᠶᠡᠬᠡ ᠱᠠᠭᠠᠷᠳᠠᠳᠠᠭ ᠤᠷᠭᠤᠮᠠᠯ ᠤᠴᠢᠷ ᠮᠠᠨ ᠤ ᠣᠷᠣᠨ ᠤ ᠰᠡᠷᠢᠭᠦᠨ ᠠᠭᠤᠷ ᠠᠮᠢᠰᠬᠤᠯ ᠳᠤ ᠬᠦᠢᠲᠡᠨ ᠳᠤ ᠨᠡᠷᠪᠡᠭᠳᠡᠬᠦ ᠡᠷᠡᠰᠳᠡᠯ ᠲᠡᠢ ᠪᠠᠶᠢᠳᠠᠭ ᠃

ᠰᠡᠳᠬᠢᠭᠳᠡᠯ ᠦᠯᠡᠳᠡᠭᠡᠬᠦ