ᠭ ∙ ᠮᠡᠨᠳᠦ ᠤᠤᠶᠤ ᠶᠢᠨ 《ᠭᠡᠭᠡᠨᠲᠡᠨ》 ᠷᠣᠮᠠᠨ ᠢ ᠠᠩᠭᠯᠢ ᠪᠠᠷ ᠣᠷᠴᠢᠭᠤᠯᠵᠠᠢ | News.MN

ᠭ ∙ ᠮᠡᠨᠳᠦ ᠤᠤᠶᠤ ᠶᠢᠨ 《ᠭᠡᠭᠡᠨᠲᠡᠨ》 ᠷᠣᠮᠠᠨ ᠢ ᠠᠩᠭᠯᠢ ᠪᠠᠷ ᠣᠷᠴᠢᠭᠤᠯᠵᠠᠢ

ᠠᠮᠧᠷᠢᠺᠠ ᠶᠢᠨ ᠨᠢᠦ᠋ ᠵᠧᠷᠰᠢ ᠮᠤᠵᠢ ᠶᠢᠨ 《Rutgers》 ᠶᠡᠬᠡ ᠰᠤᠷᠭᠠᠭᠤᠯᠢ ᠶᠢᠨ ᠫᠷᠣᠹᠧᠰᠰᠣᠷ  ᠰᠠᠢᠮᠤᠨ ᠸᠢᠺᠡᠮᠰᠮᠢᠲ ᠭ ∙ ᠮᠡᠨᠳᠦ- ᠤᠤᠶᠤ  ᠶᠢᠨ 《ᠭᠡᠭᠡᠨᠲᠡᠨ》 ᠷᠣᠮᠠᠨ ᠢ ᠠᠩᠭᠯᠢ ᠬᠡᠯᠡ ᠪᠠᠷ ᠤᠷᠴᠢᠭᠤᠯᠵᠤ ᠳᠠᠭᠤᠰᠬᠠᠭᠰᠠᠨ ᠲᠠᠯ᠎ᠠ ᠪᠠᠷ ᠵᠣᠬᠢᠶᠠᠯᠴᠢ ᠥᠨᠥᠳᠥᠷ  ᠴᠠᠬᠢᠮ ᠬᠠᠭᠤᠳᠠᠰᠤ ᠪᠠᠷ ᠢᠶᠠᠨ ᠳᠠᠮᠵᠢᠭᠤᠯᠤᠨ ᠮᠡᠳᠡᠭᠳᠡᠯ᠎ᠡ᠃ ᠭᠣᠪᠢ ᠶᠢᠨ ᠨᠣᠶᠠᠨ ᠬᠤᠲᠤᠭᠲᠤ ᠳ᠋ᠠᠨᠽᠠᠨᠷᠠᠪᠵᠠᠢ ᠶᠢᠨ ᠠᠮᠢᠳᠤᠷᠠᠯ ᠢ ᠦᠭᠦᠯᠡᠵᠦ᠂ ᠱᠠᠮᠪᠠᠯ ᠬᠡᠮᠡᠬᠦ ᠨᠢᠭᠤᠴᠠ ᠶᠢᠨ ᠣᠷᠣᠨ ᠢ ᠲᠥᠷᠥᠯᠬᠢ ᠭᠣᠪᠢ ᠨᠤᠲᠤᠭ ᠲᠤ ᠪᠠᠨ ᠨᠡᠭᠡᠭᠡᠭᠰᠡᠨ ᠪᠢᠯᠢᠭ ᠣᠶᠤᠨ ᠤ  ᠬᠢᠨᠢ ᠨᠢᠭᠤᠴᠠ ᠶᠢ ᠨᠡᠭᠡᠭᠡᠬᠦ ᠶᠢ ᠣᠷᠣᠯᠳᠤᠭᠰᠠᠨ ᠡᠨᠡ ᠷᠣᠮᠠᠨ ᠢᠶᠠᠨ ᠵᠣᠬᠢᠶᠠᠯᠴᠢ 2012 ᠣᠨ ᠳᠤ ᠬᠡᠪᠯᠡᠭᠦᠯᠦᠭᠰᠡᠨ ᠶᠤᠮ᠃

ᠯᠣᠨᠳᠣᠨ ᠤ ᠶᠡᠬᠡ ᠰᠤᠷᠭᠠᠭᠤᠯᠢ ᠶᠢᠨ King’s College ᠂ ᠠᠮᠧᠷᠢᠺᠠ ᠶᠢᠨ ᠰᠢᠶᠧᠲ᠋ᠢᠶᠠᠯ ᠦᠨ ᠶᠡᠬᠡ ᠰᠤᠷᠭᠠᠭᠤᠯᠢ ᠶᠢ ᠳᠦᠭᠦᠷᠭᠡᠭᠰᠡᠨ ᠰᠠᠢᠮᠤᠨ ᠸᠢᠺᠡᠮᠰᠮᠢᠲ ᠨᠢ ᠮᠣᠩᠭᠣᠯ ᠤᠨ ᠰᠤᠶᠤᠯ᠂ ᠤᠷᠠᠨ ᠵᠣᠬᠢᠶᠠᠯ᠂ ᠲᠥᠪᠡᠳ ᠦᠨ ᠪᠤᠳ᠋ᠳ᠋ᠾᠠᠰᠢᠮ ᠢ ᠳᠠᠩᠨᠠᠨ ᠰᠤᠳᠤᠯᠳᠠᠭ᠃ ᠲᠡᠷᠡᠪᠡᠷ 《ᠮᠣᠩᠭᠣᠯ ᠤᠨ ᠤᠯᠤᠰ ᠲᠥᠷᠥ᠂ ᠤᠷᠠᠨ ᠵᠣᠬᠢᠶᠠᠯ᠄ 1921-1948》 ᠨᠢᠭᠡ ᠰᠡᠳᠦᠪᠲᠦ ᠪᠦᠲᠦᠭᠡᠯ ᠢᠶᠡᠨ 2020 ᠣᠨ ᠳᠤ ᠬᠡᠪᠯᠡᠭᠦᠯᠦᠭᠰᠡᠨ ᠪᠥᠭᠡᠳ ᠰᠡᠭᠦᠯ ᠦᠨ ᠬᠣᠷᠢ ᠰᠢᠬᠠᠮ ᠵᠢᠯ ᠳᠦ ᠮᠣᠩᠭᠣᠯ ᠤᠨ ᠡᠷᠲᠡ ᠡᠳᠦᠭᠡ ᠶᠢᠨ ᠵᠣᠬᠢᠶᠠᠯᠴᠢ᠂ ᠢᠷᠠᠭᠤ ᠨᠠᠶᠢᠷᠠᠭᠴᠢᠳ ᠤᠨ ᠣᠯᠠᠨ ᠪᠦᠲᠦᠭᠡᠯ ᠢ ᠲᠡᠷᠡ ᠳᠤᠮᠳᠠ ᠪᠠᠨ ᠳ᠋ᠠᠨᠽᠠᠨᠷᠠᠪᠵᠠᠢ ᠶᠢᠨ ᠪᠦᠲᠦᠭᠡᠯ ᠦᠳ ᠢ ᠠᠩᠭᠯᠢ ᠬᠡᠯᠡ ᠪᠡᠷ ᠣᠷᠴᠢᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ