ᠲᠥᠪ ᠠᠶᠢᠮᠠᠭ ᠤᠨ ᠪᠠᠶᠠᠨᠴᠠᠭᠠᠨ ᠰᠤᠮᠤᠨ ᠳᠤ《ᠮᠣᠩᠭᠣᠯ ᠴᠧᠾ ᠮᠧᠲ᠋ᠠᠯ》ᠺᠣᠮᠫᠠᠨᠢ ᠵᠢᠯ ᠳᠦ ᠳᠤᠮᠳᠠᠴᠢ ᠪᠠᠷ 100-150 ᠮᠢᠩᠭᠠᠨ ᠲᠣᠨ ᠵᠣᠩᠰᠢ ᠣᠯᠪᠤᠷᠢᠯᠠᠨ ᠡᠺᠰᠫᠣᠷᠲ ᠲᠤ ᠭᠠᠷᠭᠠᠳᠠᠭ ᠴᠢᠯᠠᠭᠤᠲᠤ ᠴᠠᠭᠠᠨ ᠳᠡᠯ ᠦᠨ ᠬᠠᠶᠢᠯᠤᠭᠤᠷ ᠵᠣᠩᠰᠢᠨ ᠤ ᠠᠭᠤᠷᠬᠠᠢ ᠳᠤ ᠦᠢᠯᠡ ᠠᠵᠢᠯᠯᠠᠭ᠎ᠠ ᠶᠠᠪᠤᠭᠤᠯᠳᠠᠭ ᠪᠢᠯᠡ᠃ ᠲᠡᠭᠡᠪᠡᠯ ᠲᠤᠰ ᠺᠣᠮᠫᠠᠨᠢ ᠵᠣᠩᠰᠢᠨ ᠤ ᠦᠢᠯᠡᠳᠪᠦᠷᠢ ᠶᠢᠨ ᠢᠶᠡᠨ ᠳᠡᠷᠭᠡᠳᠡ ᠪᠠᠶᠠᠵᠢᠭᠤᠯᠬᠤ ᠦᠢᠯᠡᠳᠪᠦᠷᠢ ᠪᠠᠷᠢᠵᠤ ᠪᠠᠶᠢᠨ᠎ᠠ᠃
ᠭᠤᠷᠪᠠᠨ ᠵᠢᠯ ᠦᠨ ᠡᠮᠦᠨ᠎ᠡ ᠡᠴᠡ ᠪᠠᠷᠢᠵᠤ ᠡᠬᠢᠯᠡᠭᠰᠡᠨ ᠤᠭ ᠪᠠᠶᠠᠵᠢᠭᠤᠯᠬᠤ ᠦᠢᠯᠡᠳᠪᠦᠷᠢ ᠨᠢ 100 ᠭᠠᠷᠤᠢ ᠬᠦᠮᠦᠨ ᠢ ᠠᠵᠢᠯ ᠤᠨ ᠪᠠᠶᠢᠷᠢ ᠪᠠᠷ ᠬᠠᠩᠭᠠᠬᠤ ᠠᠵᠡᠢ᠃ ᠮᠥᠨ ᠠᠰᠢᠭᠯᠠᠭᠰᠠᠨ ᠤᠰᠤ ᠪᠠᠨ ᠪᠦᠷᠢᠨ ᠴᠡᠪᠡᠷᠰᠢᠭᠦᠯᠦᠨ ᠳᠠᠬᠢᠨ ᠠᠰᠢᠭᠯᠠᠬᠤ ᠠᠴᠠ ᠭᠠᠳᠠᠨ᠎ᠠ ᠦᠢᠯᠡᠳᠪᠦᠷᠢ ᠡᠴᠡ ᠭᠠᠷᠬᠤ ᠬᠠᠭᠤᠷᠠᠢ ᠬᠠᠶᠠᠭᠳᠠᠯ ᠢ ᠪᠤᠰᠤᠳ ᠡᠷᠦᠳᠡᠰᠦ ᠨᠦᠭᠦᠳ ᠲᠡᠢ ᠬᠣᠯᠢᠵᠤ᠂ ᠪᠠᠷᠢᠯᠭ᠎ᠠ ᠶᠢᠨ ᠮᠠᠲ᠋ᠧᠷᠢᠶᠠᠯ ᠦᠢᠯᠡᠳᠪᠦᠷᠢᠯᠡᠨ ᠣᠷᠣᠨ ᠨᠤᠲᠤᠭ ᠤᠨ ᠬᠡᠷᠡᠭᠴᠡᠭᠡ ᠶᠢ ᠬᠠᠩᠭᠠᠬᠤ ᠪᠣᠯᠤᠮᠵᠢ ᠲᠠᠢ ᠶᠤᠮ᠃