ᠬᠤᠪᠳᠤ ᠠᠢᠮᠠᠭ ᠡᠨᠡ ᠵᠢᠯ ᠮᠠᠯᠴᠢᠳ ᠤᠨ ᠲᠦᠪᠰᠢᠨ ᠳᠦ 58.6 ᠮᠢᠩᠭᠠᠨ ᠲᠣᠨ ᠡᠪᠡᠰᠦ᠂ 3.0 ᠮᠢᠩᠭᠠᠨ ᠲᠣᠨ ᠲᠡᠵᠢᠭᠡᠯ᠂ 8.0 ᠮᠢᠩᠭᠠᠨ ᠲᠣᠨ ᠬᠤᠵᠢᠷ ᠱᠡᠦ ᠪᠡᠯᠡᠳᠬᠡᠬᠦ ᠲᠥᠯᠥᠪᠯᠡᠭᠡ ᠭᠠᠷᠭᠠᠭᠰᠠᠨ᠃ ᠣᠳᠣ ᠪᠠᠷ 54.1 ᠮᠢᠩᠭᠠᠨ ᠲᠣᠨ ᠡᠪᠡᠰᠦ᠂ 548.6 ᠲᠣᠨ ᠲᠡᠵᠢᠭᠡᠯ᠂ 1.7 ᠮᠢᠩᠭᠠᠨ ᠲᠣᠨ ᠬᠤᠵᠢᠷ ᠱᠡᠦ ᠪᠡᠯᠡᠳᠭᠡᠵᠦ᠂ ᠬᠠᠳᠤᠯᠠᠩ ᠪᠡᠯᠡᠳᠬᠡᠯ ᠠᠵᠢᠯ 92.5 ᠬᠤᠪᠢ ᠲᠠᠢ᠂ ᠲᠡᠵᠢᠭᠡᠯ ᠪᠡᠯᠡᠳᠬᠡᠯ 20.4 ᠬᠤᠪᠢ ᠲᠠᠢ ᠦᠷᠭᠦᠯᠵᠢᠯᠡᠵᠦ ᠪᠠᠶᠢᠨ᠎ᠠ᠃
ᠡᠪᠦᠯᠵᠢᠯᠲᠡ᠂ ᠬᠠᠪᠤᠷᠵᠢᠯᠲᠠ ᠶᠢᠨ ᠪᠡᠯᠡᠳᠬᠡᠯ ᠬᠠᠩᠭᠠᠵᠤ᠂ ᠠᠶᠤᠯᠭᠦᠢ ᠶᠢᠨ ᠨᠥᠭᠡᠴᠡ ᠳᠤ ᠠᠶᠢᠮᠠᠭ ᠢᠶᠠᠷ ᠢᠶᠠᠨ 1000 ᠲᠣᠨ ᠡᠪᠡᠰᠦ᠂ 560 ᠲᠣᠨ ᠲᠡᠵᠢᠭᠡᠯ ᠪᠦᠷᠢᠳᠦᠭᠦᠯᠦᠭᠰᠡᠨ ᠪᠠᠶᠢᠬᠤ ᠴᠢᠭᠯᠡᠯ ᠢᠷᠡᠭᠰᠡᠨ᠃ ᠨᠥᠭᠡᠴᠡ ᠳᠤ ᠣᠳᠣ ᠪᠠᠷ 20 ᠲᠣᠨ ᠬᠣᠷᠭᠣᠯᠵᠢᠨ ᠲᠡᠵᠢᠭᠡᠯ᠂ 18 ᠲᠣᠨ ᠤᠭᠤᠷᠠᠭᠲᠤ ᠲᠡᠵᠢᠭᠡᠯ᠂ 20 ᠣᠷᠴᠢᠮ ᠲᠣᠨ ᠠᠰᠢᠭᠲᠤ ᠳᠣᠯᠢᠶᠠᠴᠠ ᠬᠠᠳᠠᠭᠠᠯᠠᠵᠤ ᠪᠠᠶᠢᠨ᠎ᠠ᠃ ᠮᠥᠨ ᠪᠤᠯᠠᠭᠠᠨ ᠰᠤᠮᠤ ᠶᠢᠨ ᠮᠧᠬᠠᠨᠢᠭᠵᠢᠭᠰᠠᠨ ᠰᠠᠯᠠᠭ᠎ᠠ 4000 ᠪᠣᠭᠣᠳᠠᠯ ᠡᠪᠡᠰᠦ ᠪᠡᠯᠡᠳᠬᠡᠵᠡᠢ᠃