ᠡᠮᠡᠭᠲᠡᠢ ᠴᠢᠯᠦᠭᠡᠲᠦ ᠪᠥᠬᠡ ᠶᠢᠨ ᠲᠠᠮᠢᠷᠴᠢᠳ ᠪᠠᠭ ᠢᠶᠠᠷ ᠢᠶᠠᠨ ᠭᠤᠷᠪᠠᠳᠤᠭᠠᠷ ᠪᠠᠶᠢᠷᠢ ᠳᠤ ᠰᠢᠯᠭᠠᠷᠠᠯ᠎ᠠ | News.MN

ᠡᠮᠡᠭᠲᠡᠢ ᠴᠢᠯᠦᠭᠡᠲᠦ ᠪᠥᠬᠡ ᠶᠢᠨ ᠲᠠᠮᠢᠷᠴᠢᠳ ᠪᠠᠭ ᠢᠶᠠᠷ ᠢᠶᠠᠨ ᠭᠤᠷᠪᠠᠳᠤᠭᠠᠷ ᠪᠠᠶᠢᠷᠢ ᠳᠤ ᠰᠢᠯᠭᠠᠷᠠᠯ᠎ᠠ

ᠰᠧᠷᠪᠢ ᠤᠯᠤᠰ ᠲᠤ ᠡᠨᠡ ᠰᠠᠷ᠎ᠠ ᠶᠢᠨ 16-21 ᠦ ᠬᠣᠭᠣᠷᠣᠨᠳᠣ ᠪᠣᠯᠤᠭᠰᠠᠨ ᠴᠢᠯᠦᠭᠡᠲᠦ ᠪᠥᠬᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠠᠨ ᠤ ᠤᠯᠤᠰ ᠪᠦᠲᠦᠨ ᠪᠠᠭ ᠢᠶᠠᠷ ᠢᠶᠠᠨ ᠪᠤᠶᠤ ᠡᠷᠡᠭᠲᠡᠢ᠂ ᠡᠮᠡᠭᠲᠡᠢ ᠨᠡᠶᠢᠲᠡ 20 ᠵᠢᠩ ᠳᠦ ᠬᠦᠴᠦ ᠪᠡᠨ ᠰᠣᠷᠢᠵᠤ᠂ ᠠᠮᠵᠢᠯᠲᠠ ᠲᠠᠢ ᠣᠷᠣᠯᠴᠠᠯ᠎ᠠ᠃
ᠲᠡᠳᠡ ᠭᠤᠷᠪᠠᠨ ᠮᠥᠩᠭᠥᠨ ᠮᠧᠳᠠᠯ ᠬᠦᠷᠲᠡᠵᠦ᠂ 80 ᠣᠨᠣᠭ᠎ᠠ ᠴᠤᠭᠯᠠᠭᠤᠯᠵᠤ ᠭᠤᠷᠪᠠᠳᠤᠭᠠᠷ ᠪᠠᠶᠢᠷᠢ ᠳᠤ ᠣᠷᠣᠭᠰᠠᠨ ᠢᠶᠠᠷ ᠴᠢᠯᠦᠭᠡᠲᠦ ᠪᠥᠬᠡ ᠶᠢᠨ ᠳᠡᠯᠡᠬᠡᠢ ᠶᠢᠨ ᠴᠣᠮᠣ ᠳᠤ ᠥᠷᠢᠰᠥᠯᠳᠥᠬᠦ ᠡᠷᠬᠡ ᠲᠡᠢ ᠪᠣᠯᠤᠯ᠎ᠠ᠃ ᠲᠤᠬᠠᠢᠯᠠᠪᠠᠯ ᠳ ∙ ᠣᠳᠬᠣᠨᠵᠢᠷᠭᠠᠯ᠂ ᠡ᠊ ∙ ᠳᠡᠯᠭᠡᠷᠮ᠎ᠠ ᠨᠠᠷ ᠣᠯᠢᠮᠫ ᠤᠨ ᠡᠷᠬᠡ ᠶᠢ ᠡᠬᠡ ᠣᠷᠣᠨ ᠳᠤ ᠪᠠᠨ ᠠᠪᠴᠢᠷᠠᠯ᠎ᠠ᠃

ᠰᠡᠳᠬᠢᠭᠳᠡᠯ ᠦᠯᠡᠳᠡᠭᠡᠬᠦ