《ᠬᠠᠩᠵᠧᠤ 2022》ᠠᠽᠢᠶ᠎ᠠ ᠶᠢᠨ ᠨᠠᠭᠠᠳᠤᠮ ᠤᠨ ᠡᠮᠡᠭᠲᠡᠶᠢᠴᠦᠳ ᠦᠨ ᠪᠠᠭ ᠤᠨ 10m ᠬᠡᠢ ᠶᠢᠨ ᠤᠷᠲᠤ ᠪᠤᠤ ᠶᠢᠨ ᠲᠡᠮᠡᠴᠡᠭᠡᠨ ᠳᠦ ᠭ ∙ ᠨᠠᠨᠳᠢᠨᠵᠠᠶᠠᠭᠠ᠂ ᠣ᠊ ∙ ᠶᠢᠰᠦᠭᠡᠨ᠂ ᠴ ∙ ᠨᠠᠷᠠᠨᠲᠤᠶᠠᠭ᠎ᠠ ᠨᠠᠷ ᠰᠡᠴᠡ ᠮᠡᠷᠭᠡᠨ ᠢᠶᠡᠨ ᠰᠣᠷᠢᠨ ᠨᠡᠶᠢᠯᠡᠪᠦᠷᠢ ᠳ᠋ᠦᠩ ᠢᠶᠡᠷ 1880.0 ᠣᠨᠣᠭ᠎ᠠ ᠬᠦᠷᠲᠡᠵᠦ᠂ ᠬᠦᠷᠡᠯ ᠮᠧᠳᠠᠯ ᠤᠨ ᠡᠵᠡᠳ ᠪᠣᠯᠵᠤ᠂ ᠮᠣᠩᠭᠣᠯ ᠤᠨ ᠪᠠᠭ ᠤᠨ ᠠᠩᠬᠠᠨ ᠤ ᠮᠧᠳᠠᠯ ᠢ ᠠᠪᠤᠯ᠎ᠠ᠃
ᠪᠤᠤᠳᠠᠯᠭ᠎ᠠ ᠶᠢᠨ ᠠᠩᠬᠠᠨ ᠤ ᠠᠯᠲᠠ ᠶᠢ ᠬᠢᠲᠠᠳ ᠤᠨ ᠪᠠᠭ 1896.3 ᠣᠨᠣᠭ᠎ᠠ ᠪᠠᠷ ᠠᠪᠴᠤ᠂ ᠠᠽᠢᠶ᠎ᠠ ᠶᠢᠨ ᠷᠧᠺᠣᠷᠳ᠋ ᠢ ᠰᠢᠨᠡᠴᠢᠯᠡᠭᠰᠡᠨ ᠪᠣᠯ 1886.0 ᠣᠨᠣᠭ᠎ᠠ ᠪᠠᠷ ᠡᠨᠡᠳᠬᠡᠭ ᠦᠨ ᠪᠠᠭ ᠮᠥᠩᠭᠥᠨ ᠮᠧᠳᠠᠯ ᠤᠨ ᠡᠵᠡᠳ ᠪᠣᠯᠤᠯ᠎ᠠ᠃