ᠮᠣᠩᠭᠣᠯ᠂ ᠠᠦᠢᠰᠲᠷᠢ ᠶᠢᠨ ᠬᠤᠳᠠᠯᠳᠤᠭᠠᠨ ᠤ ᠡᠷᠭᠢᠯᠲᠡ 43.5 ᠰᠠᠶ᠎ᠠ ᠳ᠋ᠣᠯᠯᠠᠷ ᠪᠣᠯᠤᠭᠠᠳ ᠪᠠᠶᠢᠨ᠎ᠠ | News.MN

ᠮᠣᠩᠭᠣᠯ᠂ ᠠᠦᠢᠰᠲᠷᠢ ᠶᠢᠨ ᠬᠤᠳᠠᠯᠳᠤᠭᠠᠨ ᠤ ᠡᠷᠭᠢᠯᠲᠡ 43.5 ᠰᠠᠶ᠎ᠠ ᠳ᠋ᠣᠯᠯᠠᠷ ᠪᠣᠯᠤᠭᠠᠳ ᠪᠠᠶᠢᠨ᠎ᠠ

ᠮᠣᠩᠭᠣᠯ᠂ ᠠᠦᠢᠰᠲᠷᠢ ᠬᠣᠶᠠᠷ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 60 ᠵᠢᠯ ᠦᠨ ᠣᠢ ᠶᠢᠨ ᠬᠦᠷᠢᠶᠡᠨ ᠳᠦ ᠬᠣᠶᠠᠷ ᠣᠷᠣᠨ ᠤ ᠠᠵᠢᠯ ᠬᠡᠷᠡᠭ ᠦᠨ ᠠᠭᠤᠯᠵᠠᠯᠲᠠ 2-3 ᠤᠳᠠᠭ᠎ᠠ ᠪᠣᠯᠤᠭᠠᠳ ᠪᠠᠶᠢᠨ᠎ᠠ᠃ ᠥᠩᠭᠡᠷᠡᠭᠰᠡᠨ ᠭᠤᠷᠪᠠᠳᠤᠭᠠᠷ ᠰᠠᠷ᠎ᠠ ᠶᠢᠨ 20  ᠳᠦ《ᠮᠣᠩᠭᠣᠯ᠂ ᠠᠦᠢᠰᠲᠷᠢ ᠶᠢᠨ ᠪᠢᠽᠢᠨᠧᠰ ᠹᠣᠷᠣᠮ-2023》ᠠᠦᠢᠰᠲᠷᠢ ᠤᠯᠤᠰ ᠲᠦ《Welcome to Mongolia》ᠤᠷᠢᠶᠠᠨ ᠳᠣᠣᠷ᠎ᠠ ᠪᠣᠯᠤᠭᠰᠠᠨ ᠪᠣᠯ ᠡᠨᠡ ᠶᠢᠰᠦᠳᠦᠭᠡᠷ ᠰᠠᠷ᠎ᠠ ᠶᠢᠨ 15  ᠳᠦ ᠪᠢᠽᠢᠨᠧᠰ ᠹᠣᠷᠣᠮ ᠢ ᠬᠣᠶᠠᠷ ᠣᠷᠣᠨ ᠤ ᠬᠤᠳᠠᠯᠳᠤᠭ᠎ᠠ᠂ ᠠᠵᠤ ᠦᠢᠯᠡᠳᠪᠦᠷᠢ ᠶᠢᠨ ᠲᠠᠩᠬᠢᠮ ᠡᠯᠴᠢᠨ ᠰᠠᠶᠢᠨ ᠦᠨ ᠶᠠᠮᠤᠨ ᠲᠠᠢ ᠬᠠᠮᠲᠤᠷᠠᠨ ᠵᠣᠬᠢᠶᠠᠨ ᠪᠠᠶᠢᠭᠤᠯᠪᠠ᠃
ᠹᠣᠷᠣᠮ ᠤᠨ ᠦᠶ᠎ᠡ ᠪᠡᠷ ᠬᠣᠶᠠᠷ ᠤᠯᠤᠰ ᠤᠨ ᠬᠤᠳᠠᠯᠳᠤᠭᠠᠨ ᠤ ᠡᠷᠭᠢᠯᠲᠡ 2022 ᠣᠨ ᠳᠤ 43.5 ᠰᠠᠶ᠎ᠠ ᠳ᠋ᠣᠯᠯᠠᠷ ᠲᠤ ᠬᠦᠷᠦᠭᠰᠡᠨ ᠢ ᠮᠡᠳᠡᠭᠡᠯᠡᠯ᠎ᠡ᠃ ᠡᠨᠡ ᠣᠨ ᠤ ᠡᠬᠢᠨ ᠦ 8 ᠰᠠᠷ᠎ᠠ ᠶᠢᠨ ᠳ᠋ᠦᠩ ᠮᠡᠳᠡᠭᠡᠯᠡᠯ ᠡᠴᠡ ᠦᠵᠡᠬᠦ ᠳᠦ ᠳᠡᠭᠡᠷᠡᠬᠢ ᠲᠣᠭ᠎ᠠ ᠶᠡᠬᠡᠬᠡᠨ ᠬᠡᠮᠵᠢᠶ᠎ᠡ ᠪᠡᠷ ᠳᠠᠪᠠᠵᠤ  ᠪᠡᠶᠡᠯᠡᠭᠳᠡᠬᠦ ᠲᠥᠯᠥᠪ ᠲᠡᠢ ᠪᠠᠶᠢᠭ᠎ᠠ ᠶᠢ ᠣᠨᠴᠠᠯᠠᠭᠰᠠᠨ ᠶᠤᠮ᠃
ᠮᠣᠩᠭᠣᠯ ᠤᠯᠤᠰ ᠠᠴᠠ ᠠᠦᠢᠰᠲᠷᠢ ᠳᠤ ᠮᠠᠯ ᠤᠨ ᠥᠯᠥᠨ ᠭᠡᠳᠡᠰᠦ᠂ ᠳᠠᠪᠤᠰᠠᠩ᠂ ᠭᠦᠵᠡᠭᠡ ᠵᠡᠷᠭᠡ ᠮᠠᠯ ᠤᠨ ᠳᠠᠶᠢᠪᠤᠷᠢ ᠪᠦᠲᠦᠭᠡᠭᠳᠡᠬᠦᠨ᠂ ᠭᠢᠨᠲᠠ ᠪᠣᠯᠣᠳ ᠤᠨ ᠬᠥᠳᠡᠷ᠂ ᠪᠠᠶᠠᠵᠢᠮᠠᠯ ᠵᠡᠷᠭᠡ ᠠᠭᠤᠯᠠ ᠠᠭᠤᠷᠬᠠᠢ ᠶᠢᠨ ᠪᠦᠲᠦᠭᠡᠭᠳᠡᠬᠦᠨ᠂ ᠮᠥᠨ ᠣᠶᠣᠮᠠᠯ ᠰᠦᠯᠵᠢᠮᠡᠯ ᠪᠦᠲᠦᠭᠡᠭᠳᠡᠬᠦᠨ ᠨᠡᠶᠢᠯᠡᠭᠦᠯᠳᠡᠭ ᠪᠣᠯ ᠠᠦᠢᠰᠲᠷᠢ ᠤᠯᠤᠰ ᠠᠴᠠ ᠰᠠᠭᠤᠳᠠᠯ ᠤᠨ ᠮᠠᠰᠢᠨ᠂ ᠬᠦᠨᠳᠦ ᠮᠠᠰᠢᠨ ᠮᠧᠬᠠᠨᠢᠰᠮ᠂ ᠪᠢᠰᠢᠯᠠᠭ ᠠᠭᠠᠷᠴᠠ᠂ ᠤᠮᠳᠠᠭᠠᠨ᠂ ᠯᠠᠪᠤᠷᠠᠲ᠋ᠣᠷᠢ ᠶᠢᠨ ᠲᠥᠬᠥᠭᠡᠷᠦᠮᠵᠢ᠂ ᠡᠮ ᠵᠡᠷᠭᠡ ᠪᠠᠷᠠᠭ᠎ᠠ ᠪᠦᠲᠦᠭᠡᠭᠳᠡᠬᠦᠨ ᠢᠮᠫᠣᠷᠲᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ