ᠰᠧᠷᠪᠢ ᠶᠢᠨ ᠪᠧᠯᠭᠠᠷᠳ᠋ ᠬᠤᠲᠠᠨ᠎ᠠ ᠪᠣᠯᠵᠤ ᠪᠤᠢ ᠴᠢᠯᠦᠭᠡᠲᠦ ᠪᠥᠬᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠡᠮᠡᠭᠲᠡᠶᠢᠴᠦᠳ ᠦᠨ 72 ᠺᠢᠯᠦᠭᠷᠡᠮ ᠤᠨ ᠵᠢᠩ ᠳᠦ ᠵᠣᠳᠣᠭᠯᠠᠭᠰᠠᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠦᠷᠡᠯ ᠮᠧᠳᠠᠯᠳᠤ᠂ ᠡ᠊ ∙ ᠳᠠᠸᠠᠨᠠᠰᠤᠨ ᠫᠤᠯᠠᠨᠳ᠋ ᠤᠨ ᠲᠠᠮᠢᠷᠴᠢᠨ ᠢ 8᠄1 ᠣᠨᠣᠭ᠎ᠠ ᠪᠠᠷ᠂ ᠪᠣᠯᠭᠠᠷᠢ ᠤᠯᠤᠰ ᠤᠨ ᠲᠠᠮᠢᠷᠴᠢᠨ ᠢ 9᠄1 ᠣᠨᠣᠭ᠎ᠠ ᠪᠠᠷ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠣᠱᠣᠢ ᠮᠥᠩᠭᠥᠨ ᠮᠧᠳᠠᠯᠳᠤ᠂ ᠠᠽᠢᠶ᠎ᠠ ᠶᠢᠨ 3 ᠤᠳᠠᠭ᠎ᠠ ᠶᠢᠨ ᠠᠪᠤᠷᠭᠤ ᠬᠠᠰᠠᠭᠰᠲ᠋ᠠᠨ ᠤ ᠪᠦᠬᠡ ᠶᠢ 6᠄2 ᠣᠨᠣᠭ᠎ᠠ ᠪᠠᠷ ᠲᠤᠰ ᠲᠤᠰ ᠬᠣᠵᠢᠵᠤ ᠳᠡᠯᠡᠬᠡᠢ ᠶᠢᠨ ᠠᠪᠤᠷᠭᠤ ᠶᠢᠨ ᠠᠯᠲᠠᠨ ᠮᠧᠳᠠᠯ ᠤᠨ ᠲᠥᠯᠦᠭᠡ ᠪᠠᠷᠢᠯᠳᠤᠬᠤ ᠡᠷᠬᠡ ᠲᠡᠢ ᠪᠣᠯᠤᠭᠰᠠᠨ᠃
ᠲᠡᠷᠡᠪᠡᠷ ᠳᠡᠯᠡᠬᠡᠢ ᠶᠢᠨ ᠠᠪᠤᠷᠭᠤ ᠪᠣᠯᠬᠤ ᠡᠰᠡᠬᠦ ᠪᠡᠨ ᠰᠢᠢᠳᠬᠦ ᠪᠠᠷᠢᠯᠳᠤᠭᠠᠨ ᠳᠤ ᠠᠮᠧᠷᠢᠺᠠ ᠶᠢᠨ ᠵᠠᠯᠠᠭᠤ ᠣᠳᠣ ᠂ ᠳᠡᠯᠡᠬᠡᠢ ᠶᠢᠨ ᠠᠪᠤᠷᠭᠤ ᠠᠮᠢᠲ ᠡᠶᠢᠯᠣᠷ ᠲᠤ 8᠄2 ᠣᠨᠣᠭ᠎ᠠ ᠪᠠᠷ ᠢᠯᠠᠭᠳᠠᠵᠤ ᠮᠥᠩᠭᠥᠨ ᠮᠧᠳᠠᠯ ᠤᠨ ᠡᠵᠡᠨ ᠪᠣᠯᠤᠯ᠎ᠠ᠃ ᠡᠨᠡ ᠨᠢ ᠲᠡᠭᠦᠨ ᠦ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠦᠷᠲᠡᠵᠦ ᠪᠠᠶᠢᠭ᠎ᠠ ᠠᠩᠬᠠᠨ ᠤ ᠮᠧᠳᠠᠯ ᠨᠢ ᠶᠤᠮ᠃