《ᠪᠧᠯᠭᠠᠷᠳ᠋ 2023》 ᠴᠢᠯᠦᠭᠡᠲᠦ ᠪᠥᠬᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠰᠡᠭᠦᠯ ᠦᠨ ᠡᠳᠦᠷ ᠡᠮᠡᠭᠲᠡᠶᠢᠴᠦᠳ ᠦᠨ 68 ᠺᠢᠯᠦᠭᠷᠡᠮ ᠦᠨ ᠵᠢᠩ ᠳᠦ ᠡ᠊ ∙ ᠳᠡᠯᠭᠡᠷᠮ᠎ᠠ ᠡᠵᠡᠨ ᠣᠷᠣᠨ ᠤ ᠲᠠᠮᠢᠷᠴᠢᠨ ᠡᠮᠢᠯᠯᠢᠶᠠ ᠶᠠᠺᠤᠪᠯᠢᠶᠧᠧᠴ ᠢ 14᠄4 ᠤᠨᠤᠭ᠎ᠠ ᠪᠠᠷ᠂ ᠬᠠᠰᠠᠭᠰᠲ᠋ᠠᠨ ᠤ ᠶᠧᠯᠧᠨᠠ ᠱᠠᠯᠢᠭᠢᠨᠠ ᠶᠢ ᠳᠠᠷᠤᠯᠲᠠ ᠪᠠᠷ᠂ ᠹᠷᠠᠨᠼᠢ ᠶᠢᠨ ᠺᠣᠤᠮᠪᠠ ᠯᠠᠷᠷᠤᠺ ᠢ 2᠄1 ᠣᠨᠣᠭ᠎ᠠ ᠪᠠᠷ᠂ ᠠᠮᠧᠷᠢᠺᠠ ᠶᠢᠨ ᠡᠧᠮᠨᠠ ᠪᠷᠥᠩᠲ᠋ᠢᠯ ᠢ ᠡᠬᠢᠨ ᠦ ᠦᠶ᠎ᠡ ᠳᠦ ᠴᠡᠪᠡᠷ ᠳᠠᠷᠤᠯᠲᠠ ᠪᠠᠷ ᠲᠤᠰ ᠲᠤᠰ ᠢᠯᠠᠵᠤ ᠹᠢᠨᠠᠯ ᠳᠤ ᠰᠢᠯᠭᠠᠷᠠᠭᠠᠳ ᠪᠠᠶᠢᠭᠰᠠᠨ᠃
ᠲᠡᠷᠡ ᠪᠡᠷ ᠠᠯᠲᠠᠨ ᠮᠧᠳᠠᠯ ᠤᠨ ᠲᠥᠯᠦᠭᠡᠬᠢ ᠪᠠᠷᠢᠯᠳᠤᠭᠠᠨ ᠳᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠣᠱᠣᠢ ᠬᠦᠷᠡᠯ ᠮᠧᠳᠠᠯᠳᠤ ᠲᠦᠷᠺ ᠤᠨ ᠪᠤᠰᠧ ᠲᠣᠰᠤᠩ ᠲᠠᠢ ᠪᠠᠷᠢᠯᠳᠤᠵᠤ 4᠄3 ᠣᠨᠣᠭ᠎ᠠ ᠪᠠᠷ ᠬᠣᠵᠢᠵᠤ ᠶᠠᠪᠤᠭᠰᠠᠨ ᠴᠤ ᠬᠠᠷᠮᠰᠠᠯ ᠲᠠᠢ ᠪᠠᠷ ᠴᠡᠪᠡᠷ ᠢᠯᠠᠭᠳᠠᠯ᠎ᠠ᠃