ᠳᠡᠯᠡᠬᠡᠢ᠂ ᠣᠯᠢᠮᠫ ᠤᠨ ᠳᠡᠪᠵᠢᠶᠡᠨ ᠳᠡᠭᠡᠷ᠎ᠡ ᠰᠢᠭᠦᠭᠴᠢ ᠬᠢᠨ᠎ᠡ ᠭᠡᠳᠡᠭ ᠨᠡᠷ᠎ᠡ ᠲᠥᠷᠥ ᠶᠢᠨ ᠬᠡᠷᠡᠭ ᠪᠠᠶᠢᠳᠠᠭ᠃ ᠲᠡᠭᠡᠪᠡᠯ 《ᠫᠠᠷᠢᠰ-2024》 ᠣᠯᠢᠮᠫ ᠤᠨ ᠨᠠᠭᠠᠳᠤᠮ ᠤᠨ ᠬᠦᠨᠳᠦ ᠶᠢ ᠡᠷᠭᠦᠯᠲᠡ ᠶᠢᠨ ᠰᠢᠭᠦᠭᠴᠢ ᠪᠡᠷ ᠮᠣᠩᠭᠣᠯ ᠤᠨ ᠰᠢᠭᠦᠭᠴᠢᠳ ᠡᠴᠡ ᠯ ∙ ᠤᠳᠤᠭᠡᠷᠡᠯ ᠠᠩᠬᠠᠯᠠᠨ ᠲᠣᠳᠣᠷᠠᠯ᠎ᠠ᠃
ᠲᠡᠷᠡ ᠡᠮᠦᠨ᠎ᠡ ᠨᠢ 《ᠵᠠᠺᠠᠷᠲ᠋ᠠ 2018》ᠠᠽᠢᠶ᠎ᠠ ᠶᠢᠨ ᠨᠠᠭᠠᠳᠤᠮ᠂《ᠪᠤᠢᠨᠣᠰ-ᠠᠶᠤᠷᠧᠰ 2018》ᠵᠠᠯᠠᠭᠤᠴᠤᠳ ᠤᠨ ᠣᠯᠢᠮᠫ᠂《ᠲᠤᠤᠺᠢᠤ᠋ 2020》ᠣᠯᠢᠮᠫ ᠵᠡᠷᠭᠡ ᠲᠣᠮᠣᠬᠠᠨ ᠨᠠᠭᠠᠳᠤᠮ ᠤᠳ ᠲᠤ ᠰᠢᠭᠦᠭᠴᠢ ᠪᠡᠷ ᠠᠵᠢᠯᠯᠠᠵᠤ ᠪᠠᠶᠢᠭᠰᠠᠨ ᠠᠷᠪᠢᠨ ᠲᠤᠷᠰᠢᠯᠭ᠎ᠠ ᠲᠠᠢ᠃ ᠲᠡᠷᠡᠪᠡᠷ ᠮᠥᠨ《 ᠬᠠᠩᠵᠸᠤ 2022》ᠠᠽᠢᠶ᠎ᠠ ᠶᠢᠨ ᠨᠠᠭᠠᠳᠤᠮ ᠳᠤ ᠰᠢᠭᠦᠭᠴᠢ ᠪᠡᠷ ᠤᠷᠤᠯᠴᠠᠬᠤ ᠶᠤᠮ ᠪᠠᠶᠢᠨ᠎ᠠ᠃