ᠾᠦᠩᠨᠤ ᠶᠢᠨ ᠲᠡᠮᠦᠷ ᠲᠣᠭᠣᠭ᠎ᠠ ᠶᠢ ᠬᠠᠩᠭᠠᠷᠠᠢᠴᠤᠳ ᠰᠡᠷᠭᠦᠭᠡᠨ ᠵᠠᠰᠠᠪᠤᠷᠢᠯᠠᠵᠠᠢ | News.MN

ᠾᠦᠩᠨᠤ ᠶᠢᠨ ᠲᠡᠮᠦᠷ ᠲᠣᠭᠣᠭ᠎ᠠ ᠶᠢ ᠬᠠᠩᠭᠠᠷᠠᠢᠴᠤᠳ ᠰᠡᠷᠭᠦᠭᠡᠨ ᠵᠠᠰᠠᠪᠤᠷᠢᠯᠠᠵᠠᠢ

ᠰᠢᠨᠵᠢᠯᠡᠬᠦ ᠤᠬᠠᠭᠠᠨ ᠤ ᠠᠺᠠᠳᠧᠮᠢ ᠶᠢᠨ ᠠᠷᠬᠧᠣᠯᠣᠭᠢ ᠶᠢᠨ ᠬᠦᠷᠢᠶᠡᠯᠡᠩ ᠨᠢ ᠬᠠᠩᠭᠠᠷᠢ ᠤᠯᠤᠰ ᠤᠨ ᠬᠠᠩᠭᠠᠷᠢ ᠰᠤᠳᠤᠯᠤᠯ ᠤᠨ ᠬᠦᠷᠢᠶᠡᠯᠡᠩ ᠲᠡᠢ ᠬᠠᠮᠲᠤᠷᠠᠨ 2022 ᠣᠨ ᠳᠤ ᠤᠯᠠᠭᠠᠨᠪᠠᠭᠠᠲᠤᠷ ᠬᠣᠲᠠ ᠶᠢᠨ ᠨᠤᠲᠤᠭ ᠳᠡᠪᠢᠰᠬᠡᠷ ᠠᠷᠤ ᠭᠦᠨᠲᠦ ᠶᠢᠨ ᠾᠦᠩᠨᠤ  ᠶᠢᠨ ᠣᠷᠣᠰᠢᠭᠤᠯᠭ᠎ᠠ ᠶᠢᠨ ᠴᠣᠭᠴᠠᠯᠠᠪᠤᠷᠢ ᠳᠤᠷᠠᠰᠬᠠᠯᠲᠤ ᠭᠠᠵᠠᠷ ᠲᠤ ᠠᠷᠬᠧᠣᠯᠣᠭᠢ ᠶᠢᠨ ᠮᠠᠯᠲᠠᠯᠭ᠎ᠠ ᠰᠤᠳᠤᠯᠭᠠᠨ ᠤ ᠠᠵᠢᠯ ᠢ ᠭᠦᠢᠴᠡᠳᠭᠡᠵᠡᠢ᠃ ᠬᠣᠶᠠᠷ ᠣᠷᠣᠨ ᠤ ᠬᠠᠮᠲᠤᠷᠠᠭᠰᠠᠨ ᠠᠷᠬᠧᠣᠯᠣᠭᠢ ᠶᠢᠨ ᠰᠤᠳᠤᠯᠭᠠᠨ ᠤ ᠬᠦᠷᠢᠶᠡᠨ ᠳᠦ ᠾᠦᠩᠨᠤ ᠭᠦᠷᠦᠨ ᠦ ᠦᠶ᠎ᠡ ᠳᠦ ᠬᠣᠯᠪᠣᠭᠳᠠᠬᠤ ᠳᠣᠯᠣᠭᠠᠨ ᠪᠤᠯᠠᠰᠢ ᠶᠢ ᠮᠠᠯᠲᠠᠨ ᠰᠢᠨᠵᠢᠯᠡᠭᠰᠡᠨ ᠪᠥᠭᠡᠳ ᠢᠯᠡᠷᠡᠭᠦᠯᠦᠭᠰᠡᠨ ᠣᠯᠳᠠᠪᠤᠷᠢ᠂ ᠬᠡᠷᠡᠭᠯᠡᠭᠳᠡᠬᠦᠨ ᠢ ᠰᠡᠷᠭᠦᠭᠡᠨ ᠵᠠᠰᠠᠪᠤᠷᠢᠯᠠᠬᠤ᠂ ᠨᠠᠷᠢᠪᠴᠢᠯᠠᠨ ᠰᠤᠳᠤᠯᠬᠤ ᠠᠵᠢᠯ ᠢ ᠢᠳᠡ ᠬᠢᠵᠦ᠂ ᠡᠬᠢᠨ ᠦ ᠦᠷ᠎ᠡ ᠳ᠋ᠦᠩ ᠦᠳ ᠭᠠᠷᠴᠠᠢ᠃
ᠮᠠᠯᠲᠠᠯᠭ᠎ᠠ ᠶᠢᠨ ᠶᠠᠪᠤᠴᠠ ᠳᠤ ᠤᠯᠳᠠᠭᠰᠠᠨ ᠲᠣᠮᠣ ᠬᠡᠮᠵᠢᠶ᠎ᠡ ᠲᠡᠢ ᠲᠡᠮᠦᠷ ᠲᠣᠭᠣᠭ᠎ᠠ ᠶᠢ ᠬᠠᠩᠭᠠᠷᠢ ᠤᠯᠤᠰ ᠲᠤ ᠰᠡᠷᠭᠦᠭᠡᠨ ᠵᠠᠰᠠᠪᠤᠷᠢᠯᠠᠭᠠᠳ 09.21 ᠳᠤ ᠠᠷᠬᠧᠣᠯᠣᠭᠢ ᠶᠢᠨ ᠬᠦᠷᠢᠶᠡᠯᠡᠩ ᠳᠦ ᠬᠦᠯᠢᠶᠡᠯᠭᠡᠨ ᠥᠭᠴᠡᠢ᠃ ᠡᠨᠡ ᠲᠡᠮᠦᠷ ᠲᠣᠭᠣᠭ᠎ᠠ ᠨᠢ ᠡᠮᠦᠨ᠎ᠡ ᠨᠢ ᠮᠣᠩᠭᠣᠯ ᠠᠴᠠ ᠢᠯᠡᠷᠡᠵᠦ ᠪᠠᠶᠢᠭᠰᠠᠨ ᠾᠦᠩᠨᠤ  ᠶᠢᠨ ᠦᠶ᠎ᠡ ᠶᠢᠨ ᠬᠦᠷᠡᠯ ᠲᠤᠭᠤᠭ᠎ᠠ ᠨᠤᠭᠤᠳ ᠲᠠᠢ ᠬᠡᠯᠪᠡᠷᠢ ᠶᠢᠨ ᠬᠤᠪᠢ ᠳᠤ ᠲᠥᠰᠲᠡᠢ ᠪᠣᠯᠪᠠᠴᠤ ᠲᠡᠮᠦᠷ ᠢᠶᠡᠷ ᠬᠢᠭᠰᠡᠨ ᠢᠶᠡᠷ ᠢᠶᠡᠨ ᠣᠨᠴᠠᠯᠢᠭ᠂ ᠬᠡᠮᠵᠢᠶᠡᠨ ᠦ ᠬᠤᠪᠢ ᠳᠤ ᠠᠩᠬᠠᠷᠤᠯ ᠲᠠᠲᠠᠬᠤᠶᠢᠴᠠ ᠲᠣᠮᠣ ᠬᠡᠮᠵᠢᠶ᠎ᠡ ᠲᠡᠢ  ᠶᠤᠮ᠃ ᠡᠶᠢᠮᠦ ᠲᠡᠮᠦᠷ ᠡᠳ᠋ᠯᠡᠯ ᠢ ᠮᠠᠨ ᠤ ᠤᠯᠤᠰ ᠲᠤ ᠪᠥᠷᠢᠨ ᠰᠡᠷᠭᠦᠭᠡᠨ ᠵᠠᠰᠠᠪᠤᠷᠢᠯᠠᠬᠤ ᠪᠣᠯᠤᠮᠵᠢ ᠦᠭᠡᠢ ᠤᠴᠢᠷ ᠠᠴᠠ  ᠬᠠᠩᠭᠠᠷᠠᠢᠴᠤᠳ  ᠦᠨ᠎ᠡ ᠲᠥᠯᠦᠪᠦᠷᠢ ᠦᠭᠡᠢ ᠵᠠᠰᠠᠵᠤ ᠥᠭᠭᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ