ᠰᠸᠢᠰ ᠤᠨ ᠶᠡᠷᠦᠩᠬᠡᠶᠢᠯᠡᠭᠴᠢ ᠶᠢ ᠮᠣᠩᠭᠣᠯ ᠳᠤ ᠠᠶᠢᠯᠴᠢᠯᠠᠬᠤ ᠶᠢ ᠤᠷᠢᠪᠠ | News.MN

ᠰᠸᠢᠰ ᠤᠨ ᠶᠡᠷᠦᠩᠬᠡᠶᠢᠯᠡᠭᠴᠢ ᠶᠢ ᠮᠣᠩᠭᠣᠯ ᠳᠤ ᠠᠶᠢᠯᠴᠢᠯᠠᠬᠤ ᠶᠢ ᠤᠷᠢᠪᠠ

ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠶᠡᠷᠦᠩᠬᠡᠢ ᠠᠰᠰᠠᠮᠪᠯᠧᠢ ᠶᠢᠨ 78 ᠳ᠋ᠤᠭᠠᠷ ᠴᠢᠭᠤᠯᠭᠠᠨ ᠤ ᠶᠡᠷᠦᠩᠬᠡᠢ ᠰᠠᠨᠠᠯ ᠰᠢᠭᠦᠮᠵᠢᠯᠡᠯ ᠳᠦ ᠤᠷᠤᠯᠴᠠᠬᠤ ᠦᠶ᠎ᠡ ᠪᠡᠷ ᠢᠶᠡᠨ ᠰᠸᠢᠰ ᠤᠨ ᠬᠣᠯᠪᠣᠭᠠᠨ ᠤ ᠤᠯᠤᠰ ᠤᠨ ᠬᠣᠯᠪᠣᠭᠠᠨ ᠤ ᠶᠡᠷᠦᠩᠬᠡᠶᠢᠯᠡᠭᠴᠢ ᠠᠯᠧᠨ ᠪᠧᠷᠰᠧ ᠢ ᠥᠪᠡᠷ ᠦᠨ ᠬᠢᠨᠢ ᠬᠦᠰᠡᠯᠲᠡ ᠪᠡᠷ ᠬᠦᠯᠢᠶᠡᠨ ᠠᠪᠴᠤ ᠠᠭᠤᠯᠵᠠᠪᠠ᠃ ᠲᠠᠯ᠎ᠠ ᠨᠤᠭᠤᠳ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠦᠨ ᠬᠥᠭᠵᠢᠭᠦᠯᠬᠦ᠂ ᠲᠡᠭᠦᠨ ᠦ ᠳᠣᠲᠣᠷ᠎ᠠ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 60 ᠵᠢᠯ ᠦᠨ ᠣᠢ ᠶᠢ 2024 ᠣᠨ ᠳᠤ ᠬᠠᠮᠲᠤᠷᠠᠨ ᠲᠡᠮᠳᠡᠭᠯᠡᠨ ᠥᠩᠭᠡᠷᠡᠭᠦᠯᠬᠦ ᠪᠣᠯᠤᠨ ᠣᠯᠠᠨ ᠤᠯᠤᠰ ᠤᠨ ᠬᠠᠷᠢᠯᠴᠠᠨ ᠰᠣᠨᠢᠷᠬᠠᠭᠰᠠᠨ ᠪᠤᠰᠤᠳ ᠠᠰᠠᠭᠤᠳᠠᠯ ᠢᠶᠠᠷ ᠰᠠᠨᠠᠯ ᠰᠤᠯᠢᠯᠴᠠᠪᠠ᠃
ᠠᠯᠧᠨ ᠪᠧᠷᠰᠧ᠂ ᠭᠧᠣᠫᠣᠯᠢᠲ᠋ᠢᠺ ᠤᠨ ᠨᠥᠬᠥᠴᠡᠯ ᠪᠠᠶᠢᠳᠠᠯ ᠠᠮᠠᠷ ᠦᠭᠡᠢ ᠪᠠᠶᠢᠭ᠎ᠠ ᠨᠢ ᠤᠯᠤᠰ ᠣᠷᠣᠨ ᠨᠤᠭᠤᠳ ᠤᠨ ᠣᠯᠠᠨ ᠲᠠᠯᠠᠲᠤ ᠬᠠᠮᠲᠤ ᠶᠢᠨ ᠠᠵᠢᠯᠯᠠᠭᠠᠨ ᠳᠤ ᠪᠡᠷᠬᠡᠰᠢᠶᠡᠯ ᠡᠭᠦᠰᠬᠡᠵᠦ ᠪᠤᠢ ᠶᠢ ᠲᠡᠮᠳᠡᠭᠯᠡᠪᠡ᠃ ᠲᠡᠷᠡᠪᠡᠷ 2024 ᠣᠨ ᠳᠤ ᠮᠣᠩᠭᠣᠯ ᠤᠯᠤᠰ ᠲᠤ ᠠᠶᠢᠯᠴᠢᠯᠠᠬᠤ ᠶᠢ ᠤᠷᠢᠭᠰᠠᠨ ᠤᠷᠢᠯᠭ᠎ᠠ ᠶᠢ ᠲᠠᠯᠠᠷᠬᠠᠨ ᠬᠦᠯᠢᠶᠡᠵᠦ ᠠᠪᠤᠯ᠎ᠠ᠃

ᠰᠡᠳᠬᠢᠭᠳᠡᠯ ᠦᠯᠡᠳᠡᠭᠡᠬᠦ