ᠬᠢᠮᠡᠯ ᠣᠶᠤᠨ ᠤᠬᠠᠭᠠᠨ ᠳᠤ ᠰᠠᠭᠤᠷᠢᠯᠠᠭᠰᠠᠨ ᠣᠨᠣᠰᠢᠯᠠᠭᠠᠨ ᠤ ᠲᠥᠪ ᠨᠡᠭᠡᠭᠡᠭᠳᠡᠪᠡ | News.MN

ᠬᠢᠮᠡᠯ ᠣᠶᠤᠨ ᠤᠬᠠᠭᠠᠨ ᠳᠤ ᠰᠠᠭᠤᠷᠢᠯᠠᠭᠰᠠᠨ ᠣᠨᠣᠰᠢᠯᠠᠭᠠᠨ ᠤ ᠲᠥᠪ ᠨᠡᠭᠡᠭᠡᠭᠳᠡᠪᠡ

ᠶᠠᠫᠣᠨ ᠤ《Fujifilm》ᠺᠣᠷᠫᠣᠷᠠᠼ  ᠤᠨ ᠺᠤᠮᠫᠢᠦ᠋ᠲ᠋ᠧᠷ ᠲᠤᠮᠤᠭ᠍ᠷᠠᠹ᠂  ᠮᠠᠮᠮᠤᠭ᠍ᠷᠠᠹ᠂ ᠳ᠋ᠧᠺᠰᠡ ᠵᠡᠷᠭᠡ ᠡᠮᠨᠡᠯᠭᠡ ᠶᠢᠨ ᠳᠡᠪᠰᠢᠯᠲᠡᠲᠦ ᠲᠣᠨᠣᠭ ᠲᠥᠬᠥᠭᠡᠷᠦᠮᠵᠢ᠂ ᠬᠢᠮᠡᠯ ᠣᠶᠤᠨ ᠤᠬᠠᠭᠠᠨ ᠤ ᠲᠧᠭᠨᠣᠯᠣᠭᠢ ᠠᠰᠢᠭᠯᠠᠨ ᠦᠢᠯᠡ ᠠᠵᠢᠯᠯᠠᠭ᠎ᠠ ᠪᠠᠨ ᠶᠠᠪᠤᠭᠤᠯᠳᠠᠭ NURA ᠲᠥᠪ ᠨᠡᠭᠡᠭᠡᠭᠳᠡᠯ᠎ᠡ᠃ ᠶᠠᠫᠣᠨ᠂ ᠡᠨᠡᠳᠬᠡᠭ ᠤᠯᠤᠰ ᠤᠳ ᠲᠤ ᠰᠠᠯᠪᠤᠷᠢ ᠲᠠᠢ ᠲᠤᠰ ᠪᠠᠶᠢᠭᠤᠯᠤᠯᠭ᠎ᠠ ᠭᠤᠷᠪᠠᠳᠠᠬᠢ ᠲᠥᠪ ᠢᠶᠡᠨ ᠡᠶᠢᠨᠬᠦᠦ 《ᠲᠠᠪᠤᠨ ᠪᠣᠭᠳᠠ》ᠭᠷᠦ᠋ᠫ ᠲᠡᠢ ᠬᠠᠮᠲᠤᠷᠠᠨ ᠤᠯᠠᠭᠠᠨᠪᠠᠭᠠᠲᠤᠷ ᠬᠤᠲᠠ ᠳᠤ ᠨᠡᠭᠡᠭᠡᠵᠦ ᠪᠠᠶᠢᠨ᠎ᠠ᠃

ᠲᠤᠰ ᠲᠥᠪ ᠢᠶᠡᠷ ᠵᠢᠯ ᠳᠦ 30 ᠮᠢᠩᠭᠠᠨ ᠬᠦᠮᠦᠨ ᠦᠢᠯᠡᠴᠢᠯᠡᠭᠦᠯᠬᠦ ᠪᠣᠯᠤᠮᠵᠢ ᠲᠠᠢ ᠪᠥᠭᠡᠳ ᠥᠩᠭᠡᠷᠡᠭᠰᠡᠨ ᠠᠮᠠᠷᠠᠯᠲᠠ ᠶᠢᠨ ᠡᠳᠦᠷ ᠪᠣᠯᠤᠭᠰᠠᠨ ᠨᠡᠭᠡᠭᠡᠯᠲᠡ ᠶᠢᠨ ᠠᠵᠢᠯᠯᠠᠭᠠᠨ ᠳᠤ ᠶᠡᠷᠦᠩᠬᠡᠢ ᠰᠠᠶᠢᠳ ᠯ ∙ᠤᠶᠤᠡᠡᠷᠳᠡᠨᠢ ᠣᠷᠣᠯᠴᠠᠭᠰᠠᠨ ᠶᠤᠮ᠃  ᠲᠡᠷᠡ᠄ ᠮᠠᠨ ᠤ ᠤᠯᠤᠰ ᠲᠤ ᠬᠢᠮᠡᠯ ᠣᠶᠤᠨ ᠤᠬᠠᠭᠠᠨ ᠳᠤ ᠰᠠᠭᠤᠷᠢᠯᠠᠭᠰᠠᠨ ᠣᠨᠣᠰᠢᠯᠠᠭ᠎ᠠ ᠡᠮᠴᠢᠯᠡᠭᠡᠨ ᠦ ᠲᠥᠪ ᠨᠡᠭᠡᠭᠡᠭᠳᠡᠭᠰᠡᠨ ᠢᠶᠡᠷ ᠣᠨᠣᠰᠢ ᠲᠣᠳᠣᠷᠠᠭᠤᠯᠬᠤ ᠭᠡᠵᠦ ᠴᠠᠭ ᠠᠯᠳᠠᠳᠠᠭ᠂ ᠥᠨᠳᠥᠷ ᠦᠨ᠎ᠡ ᠲᠡᠢ ᠰᠢᠨᠵᠢᠯᠡᠭᠡᠨ ᠳᠦ ᠬᠠᠮᠤᠷᠤᠭᠳᠠᠬᠤ ᠪᠠᠷ ᠰᠣᠯᠣᠩᠭᠣᠰ᠂ ᠲᠦᠷᠺ ᠵᠡᠷᠭᠡ ᠤᠯᠤᠰ ᠤᠷᠤᠭᠤ ᠶᠠᠪᠤᠳᠠᠭ ᠪᠠᠶᠢᠳᠠᠯ ᠢ ᠬᠠᠯᠠᠬᠤ ᠪᠣᠯᠤᠮᠵᠢ ᠪᠥᠷᠢᠳᠴᠦ ᠪᠠᠶᠢᠨ᠎ᠠ᠃ ᠡᠨᠡ ᠨᠢ ᠢᠷᠭᠡᠳ ᠦᠨ ᠡᠷᠡᠭᠦᠯ ᠮᠡᠨᠳᠦ᠂ ᠠᠮᠢᠳᠤᠷᠠᠯ ᠤᠨ ᠴᠢᠨᠠᠷ ᠲᠡᠳᠦᠢ ᠦᠭᠡᠢ᠂ ᠤᠯᠤᠰ ᠣᠷᠣᠨ ᠤ ᠡᠳ᠋  ᠦᠨ ᠵᠠᠰᠠᠭ ᠲᠤ ᠴᠤ ᠡᠶᠡᠷᠭᠦ ᠪᠡᠷ ᠨᠥᠯᠦᠭᠡᠯᠡᠨ᠎ᠡ ᠭᠡᠵᠡᠢ᠃

ᠰᠡᠳᠬᠢᠭᠳᠡᠯ ᠦᠯᠡᠳᠡᠭᠡᠬᠦ