ᠡᠮᠦᠨᠡᠲᠦ ᠰᠣᠯᠣᠩᠭᠣᠰ ᠲᠠᠢ ᠬᠠᠮᠲᠤᠷᠠᠨ ᠶᠡᠬᠡ ᠰᠤᠷᠭᠠᠭᠤᠯᠢ ᠪᠠᠶᠢᠭᠤᠯᠤᠨ᠎ᠠ | News.MN

ᠡᠮᠦᠨᠡᠲᠦ ᠰᠣᠯᠣᠩᠭᠣᠰ ᠲᠠᠢ ᠬᠠᠮᠲᠤᠷᠠᠨ ᠶᠡᠬᠡ ᠰᠤᠷᠭᠠᠭᠤᠯᠢ ᠪᠠᠶᠢᠭᠤᠯᠤᠨ᠎ᠠ

ᠮᠣᠩᠭᠣᠯ ᠤᠯᠤᠰ ᠤᠨ ᠵᠠᠰᠠᠭ ᠤᠨ ᠭᠠᠵᠠᠷ ᠥᠩᠭᠡᠷᠡᠭᠴᠢ ᠰᠠᠷ᠎ᠠ ᠳᠤ ᠰᠢᠨᠵᠢᠯᠡᠬᠦ ᠤᠬᠠᠭᠠᠨ ᠤ ᠠᠺᠠᠳ᠋ᠸᠮᠢ ᠶᠢ ᠲᠦᠰᠢᠭᠯᠡᠨ ᠮᠠᠭᠢᠰᠲ᠋ᠷ᠂ ᠳ᠋ᠣᠺᠲ᠋ᠣᠷ ᠪᠡᠯᠡᠳᠬᠡᠬᠦ ᠠᠬᠢᠭᠰᠠᠨ ᠲᠦᠪᠰᠢᠨ ᠦ ᠶᠡᠬᠡ ᠰᠤᠷᠭᠠᠭᠤᠯᠢ ᠪᠠᠶᠢᠭᠤᠯᠬᠤ ᠲᠣᠭᠲᠠᠭᠠᠯ ᠭᠠᠷᠭᠠᠭᠰᠠᠨ ᠪᠢᠯᠡ᠃ ᠢᠩᠭᠢᠭᠡᠳ ᠰᠢᠨᠵᠢᠯᠡᠬᠦ ᠤᠬᠠᠭᠠᠨ ᠤ ᠠᠺᠠᠳ᠋ᠸᠮᠢ ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠶᠡᠬᠡ ᠰᠤᠷᠭᠠᠭᠤᠯᠢ ᠲᠠᠢ ᠬᠠᠮᠲᠤᠷᠠᠨ ᠠᠵᠢᠯᠯᠠᠬᠤ ᠰᠠᠨᠠᠮᠵᠢ ᠪᠢᠴᠢᠭ ᠪᠠᠶᠢᠭᠤᠯᠵᠤ ᠬᠣᠶᠠᠷ ᠲᠠᠯ᠎ᠠ ᠭᠠᠷ ᠤᠨ ᠦᠰᠦᠭ ᠢᠶᠡᠨ ᠵᠢᠷᠤᠭᠰᠠᠨ ᠪᠠᠶᠢᠨ᠎ᠠ᠃

ᠡᠭᠦᠨ ᠦ ᠦᠷ᠎ᠡ ᠳ᠋ᠦᠩ ᠳᠦ ᠬᠣᠶᠠᠷ ᠪᠠᠶᠢᠭᠤᠯᠤᠯᠭ᠎ᠠ ᠬᠠᠮᠲᠤᠷᠠᠭᠰᠠᠨ ᠬᠥᠲᠥᠯᠪᠦᠷᠢ ᠲᠡᠢ ᠪᠣᠯᠵᠤ᠂ ᠣᠶᠤᠲᠠᠨ ᠰᠤᠯᠢᠯᠴᠠᠬᠤ ᠪᠠ ᠠᠬᠢᠭᠰᠠᠨ ᠲᠦᠪᠰᠢᠨ ᠦ ᠰᠤᠷᠭᠠᠭᠤᠯᠢ ᠶᠢᠨ ᠲᠣᠭᠲᠠᠯᠴᠠᠭᠠᠨ ᠤ ᠲᠠᠯ᠎ᠠ ᠪᠠᠷ ᠬᠠᠷᠢᠯᠴᠠᠨ ᠲᠤᠷᠰᠢᠯᠭ᠎ᠠ ᠰᠤᠳᠤᠯᠬᠤ ᠪᠠᠷ ᠪᠣᠯᠪᠠ᠃ ᠡᠨᠡ ᠲᠥᠷᠥᠯ ᠦᠨ ᠰᠤᠷᠭᠠᠭᠤᠯᠢ ᠨᠢ ᠲᠥᠰᠥᠪ ᠡᠴᠡ ᠪᠠᠭ᠎ᠠ ᠬᠥᠷᠥᠩᠭᠡ ᠱᠠᠭᠠᠷᠳᠠᠬᠤ ᠠᠴᠠ ᠭᠠᠳᠠᠨ᠎ᠠ ᠥᠨᠳᠥᠷ ᠲᠧᠭᠨᠣᠯᠣᠭᠢ ᠶᠢᠨ ᠺᠣᠮᠫᠠᠨᠢ ᠨᠤᠭᠤᠳ ᠤᠨ ᠵᠠᠬᠢᠶᠠᠯᠠᠭ᠎ᠠ ᠪᠠᠷ ᠰᠠᠶᠢᠨ ᠪᠣᠯᠪᠠᠰᠤᠨ ᠬᠦᠴᠦᠨ ᠪᠡᠯᠡᠳᠬᠡᠳᠡᠭ ᠪᠠᠶᠢᠨ᠎ᠠ᠃ ᠮᠥᠨ ᠰᠤᠷᠭᠠᠭᠤᠯᠢ ᠨᠢ ᠰᠤᠷᠭᠠᠯᠲᠠ᠂ ᠰᠤᠳᠤᠯᠭ᠎ᠠ᠂ ᠦᠢᠯᠡᠳᠪᠦᠷᠢᠯᠡᠯ ᠭᠤᠷᠪᠠ ᠶᠢ ᠡᠩ ᠲᠡᠩᠴᠡᠭᠦᠦ ᠠᠪᠴᠤ ᠶᠠᠪᠤᠳᠠᠭ ᠠᠵᠠᠢ᠃

ᠰᠡᠳᠬᠢᠭᠳᠡᠯ ᠦᠯᠡᠳᠡᠭᠡᠬᠦ