ᠳᠥᠷᠪᠡ ᠬᠣᠨᠣᠭ ᠵᠣᠭᠰᠣᠭᠰᠠᠨ ᠬᠤᠷᠢᠶᠠᠯᠲᠠ ᠦᠷᠭᠦᠯᠵᠢᠯᠡᠵᠦ ᠪᠠᠶᠢᠨ᠎ᠠ | News.MN

ᠳᠥᠷᠪᠡ ᠬᠣᠨᠣᠭ ᠵᠣᠭᠰᠣᠭᠰᠠᠨ ᠬᠤᠷᠢᠶᠠᠯᠲᠠ ᠦᠷᠭᠦᠯᠵᠢᠯᠡᠵᠦ ᠪᠠᠶᠢᠨ᠎ᠠ

ᠬᠥᠪᠰᠥᠭᠥᠯ ᠠᠶᠢᠮᠠᠭ ᠤᠨ ᠨᠡᠶᠢᠲᠡ ᠨᠤᠲᠤᠭ ᠢᠶᠠᠷ ᠬᠤᠷ᠎ᠠ ᠪᠣᠷᠣᠭ᠎ᠠ ᠣᠷᠣᠭᠰᠠᠨ ᠤ ᠤᠯᠠᠮ ᠠᠴᠠ ᠤᠷᠭᠤᠴᠠ ᠬᠤᠷᠢᠶᠠᠯᠲᠠ ᠶᠢᠨ ᠠᠵᠢᠯ 4 ᠬᠣᠨᠣᠭ ᠵᠣᠭᠰᠣᠭᠰᠠᠨ ᠪᠥᠭᠡᠳ ᠥᠨᠥᠳᠥᠷ ᠡᠴᠡ ᠬᠡᠪ ᠦᠨ ᠦᠷᠭᠦᠯᠵᠢᠯᠡᠵᠦ ᠪᠠᠶᠢᠨ᠎ᠠ᠃ ᠲᠤᠰ ᠠᠶᠢᠮᠠᠭ  ᠥᠩᠭᠡᠷᠡᠭᠰᠡᠨ ᠬᠠᠪᠤᠷ 17080 ᠭᠠ ᠳᠦ ᠦᠷ᠎ᠡ ᠲᠠᠷᠢᠶ᠎ᠠ᠂ ᠡᠭᠦᠨ ᠡᠴᠡ 16856.9 ᠭᠠ ᠳᠦ ᠤᠯᠠᠭᠠᠨ ᠪᠤᠭᠤᠳᠠᠢ᠂ 257 ᠭᠠ ᠳᠦ ᠲᠥᠮᠥᠰᠥ᠂ 243 ᠭᠠ ᠳᠦ ᠬᠦᠨᠡᠰᠦᠨ ᠦ ᠨᠣᠭᠣᠭ᠎ᠠ᠂ 925 ᠭᠠ ᠳᠦ ᠮᠠᠯ ᠤᠨ ᠲᠡᠵᠢᠭᠡᠯ᠂ 2022 ᠭᠠ ᠳᠦ ᠲᠣᠰᠤᠨ ᠤ ᠤᠷᠭᠤᠮᠠᠯ᠂ 101 ᠭᠠ ᠳᠦ ᠵᠢᠮᠢᠰ᠂ ᠵᠢᠮᠢᠰᠬᠡᠨ᠎ᠡ ᠨᠡᠶᠢᠲᠡ 20628 ᠭᠠ ᠳᠦ ᠲᠠᠷᠢᠶᠠᠯᠠᠯᠲᠠ ᠬᠢᠭᠰᠡᠨ ᠪᠠᠶᠢᠨ᠎ᠠ᠃

ᠤᠷᠢᠳᠴᠢᠯᠠᠭᠰᠠᠨ ᠲᠤᠭᠠᠴᠠᠭ᠎ᠠ ᠪᠠᠷ 26750 ᠲᠣᠨ ᠦᠷ᠎ᠡ ᠲᠠᠷᠢᠶ᠎ᠠ᠂ ᠡᠭᠦᠨ ᠡᠴᠡ 26555 ᠲᠣᠨ ᠤᠯᠠᠭᠠᠨ ᠪᠤᠭᠤᠳᠠᠢ᠂ 3264 ᠲᠣᠨ ᠲᠥᠮᠥᠰᠥ᠂ 3159 ᠲᠣᠨ ᠬᠦᠨᠡᠰᠦᠨ ᠦ ᠨᠣᠭᠣᠭ᠎ᠠ᠂ 1213 ᠲᠣᠨ ᠲᠣᠰᠤᠨ ᠤ ᠤᠷᠭᠤᠮᠠᠯ᠂ 2955 ᠲᠣᠨ ᠮᠠᠯ ᠤᠨ ᠲᠡᠵᠢᠭᠡᠯ ᠦᠨ ᠤᠷᠭᠤᠮᠠᠯ᠂ 50 ᠲᠣᠨ ᠵᠢᠮᠢᠰ᠂ ᠵᠢᠮᠢᠰᠬᠡᠨ᠎ᠡ ᠲᠤᠰ ᠲᠤᠰ ᠬᠤᠷᠢᠶᠠᠨ ᠠᠪᠬᠤ ᠪᠣᠯᠤᠮᠵᠢ ᠲᠠᠢ ᠭᠡᠰᠡᠨ ᠲᠥᠯᠥᠪ ᠭᠠᠷᠴᠠᠢ᠃

ᠰᠡᠳᠬᠢᠭᠳᠡᠯ ᠦᠯᠡᠳᠡᠭᠡᠬᠦ