ᠬᠥᠭᠵᠢᠮ ᠦᠨ ᠵᠣᠬᠢᠶᠠᠯᠴᠢ ᠪ∙ᠮᠠᠭᠰᠤᠷᠵᠠᠪ ᠰᠦᠬᠡᠪᠠᠭᠠᠲᠤᠷ ᠤᠨ ᠲᠠᠯᠠᠪᠠᠢ ᠳᠤ ᠪᠣᠯᠵᠤ ᠪᠤᠢ ᠨᠣᠮ ᠤᠨ ᠪᠠᠶᠠᠷ ᠲᠤ ᠣᠴᠢᠵᠤ ᠬᠤᠳᠠᠯᠳᠤᠨ ᠠᠪᠤᠭᠰᠠᠨ ᠨᠣᠮ ᠢᠶᠠᠨ ᠤᠩᠰᠢᠭᠰᠠᠨ ᠰᠡᠳᠬᠢᠭᠳᠡᠯ ᠢᠶᠡᠷ ᠰᠢᠨ᠎ᠡ ᠳᠠᠭᠤᠤ ᠪᠦᠲᠦᠭᠡᠵᠡᠢ᠃ ᠲᠡᠷᠡᠪᠡᠷ ᠠᠮᠧᠷᠢᠺᠠ ᠳᠦ ᠰᠠᠭᠤᠵᠤ ᠪᠤᠢ ᠰᠤᠳᠤᠯᠤᠭᠠᠴᠢ ᠰᠢᠷᠴᠢᠨ ᠦ ᠪᠠᠭᠠᠲᠤᠷ ᠤᠨ 2017 ᠣᠨ ᠳᠤ ᠬᠡᠪᠯᠡᠭᠦᠯᠵᠦ ᠣᠯᠠᠨ ᠤ ᠲᠠᠯᠠᠷᠬᠠᠯ ᠢ ᠶᠡᠬᠡᠬᠡᠨ ᠬᠦᠯᠢᠶᠡᠭᠰᠡᠨ《ᠮᠢᠨᠤ ᠥᠰᠦᠭᠰᠡᠨ ᠮᠣᠩᠭᠣᠯ ᠠᠬᠤᠢ》ᠨᠣᠮ ᠢ ᠠᠪᠴᠤ ᠬᠣᠶᠠᠷ ᠬᠣᠨᠣᠭ ᠲᠤ ᠤᠩᠰᠢᠭᠰᠠᠨ ᠪᠥᠭᠡᠳ ᠡᠬᠡᠨᠡᠷ ᠵ ∙ ᠭᠠᠩᠴᠢᠮᠡᠭ ᠨᠢ ᠤᠭ ᠨᠣᠮ ᠤᠨ ᠣᠷᠣᠰᠢᠯ ᠳᠤ ᠵᠣᠬᠢᠶᠠᠯᠴᠢ ᠶᠢᠨ ᠪᠢᠴᠢᠭᠰᠡᠨ ᠬᠡᠳᠦᠨ ᠮᠥᠷ ᠢ ᠳᠠᠭᠤᠤ ᠶᠢᠨ ᠵᠠᠭᠪᠤᠷ ᠲᠤ ᠣᠷᠣᠭᠤᠯᠤᠭᠰᠠᠨ ᠳᠤ ᠠᠶ᠎ᠠ ᠬᠢᠭᠰᠡᠨ ᠭᠡᠨ᠎ᠡ᠃
ᠢᠩᠭᠢᠭᠡᠳ ᠰᠢᠨ᠎ᠡ ᠲᠦᠷᠦᠭᠰᠡᠨ ᠳᠠᠭᠤᠤ ᠶᠢ《ᠮᠢᠨᠦ ᠪᠠᠭᠤᠷᠠᠢ ᠡᠵᠢ》 ᠬᠡᠮᠡᠨ ᠨᠡᠷᠡᠯᠡᠭᠰᠡᠨ ᠪᠠᠶᠢᠨ᠎ᠠ᠃ ᠥᠪᠦᠷᠬᠠᠩᠭᠠᠢ ᠠᠶᠢᠮᠠᠭ ᠤᠨ ᠤᠤᠭᠠᠯ᠂ ᠡᠳᠦᠭᠡ ᠠᠮᠧᠷᠢᠺᠠ ᠶᠢᠨ ᠰᠠᠨ ᠹᠷᠠᠨᠼᠢᠰᠺᠣ ᠬᠤᠲᠠ ᠳᠤ ᠠᠮᠢᠳᠤᠷᠠᠵᠤ᠂ ᠫᠷᠦᠭᠷᠡᠮᠴᠢᠯᠡᠯ ᠤᠨ ᠢᠨᠵᠧᠨᠧᠷ ᠢᠶᠡᠷ ᠠᠵᠢᠯᠯᠠᠵᠤ ᠪᠤᠢ ᠱ ∙ᠪᠠᠭᠠᠲᠤᠷ ᠨᠢ 《ᠮᠢᠨᠤ ᠥᠰᠦᠭᠰᠡᠨ ᠮᠣᠩᠭᠣᠯ ᠠᠬᠤᠢ》ᠨᠣᠮ ᠢ 2013 ᠣᠨ ᠳᠤ 100 ᠨᠠᠰᠤᠯᠠᠭᠠᠳ ᠲᠠᠭᠠᠯᠠᠯ ᠲᠡᠭᠦᠰᠦᠭᠰᠡᠨ ᠡᠮᠡᠭᠡ ᠡᠬᠡ ᠶᠢᠨ ᠢᠶᠡᠨ ᠳᠤᠷᠠᠰᠬᠠᠯ ᠳᠤ ᠵᠣᠷᠢᠭᠤᠯᠵᠤ᠂ ᠲᠡᠭᠦᠨ ᠦ ᠰᠤᠷᠭᠠᠯ᠂ ᠥᠪᠡᠷ ᠦᠨ ᠲᠦᠷᠦᠵᠦ ᠥᠰᠦᠭᠰᠡᠨ ᠣᠷᠴᠢᠨ ᠠᠬᠤᠢ ᠠᠴᠠ ᠰᠡᠳᠦᠪᠯᠡᠨ ᠪᠢᠴᠢᠵᠡᠢ᠃