《ᠦᠨᠳᠦᠰᠦᠨ ᠬᠠᠤᠯᠢ ᠶᠢ ᠬᠡᠨ ᠰᠠᠶᠢᠨ ᠮᠡᠳᠡᠬᠦ ᠪᠤᠢ》ᠤᠷᠤᠯᠳᠤᠭᠠᠨ  ᠪᠤᠯᠪᠠ | News.MN

《ᠦᠨᠳᠦᠰᠦᠨ ᠬᠠᠤᠯᠢ ᠶᠢ ᠬᠡᠨ ᠰᠠᠶᠢᠨ ᠮᠡᠳᠡᠬᠦ ᠪᠤᠢ》ᠤᠷᠤᠯᠳᠤᠭᠠᠨ  ᠪᠤᠯᠪᠠ

ᠭᠤᠴᠢᠨ ᠳᠦᠷᠪᠡᠳᠡᠬᠢ ᠤᠳᠠᠭ᠎ᠠ ᠶᠢᠨ ᠦᠨᠳᠦᠰᠦᠨ ᠦ ᠨᠣᠮ ᠤᠨ ᠪᠠᠶᠠᠷ ᠤᠨ ᠠᠷᠭ᠎ᠠ ᠬᠡᠮᠵᠢᠶ᠎ᠡ ᠳ ∙ ᠰᠦᠬᠡᠪᠠᠭᠠᠲᠤᠷ ᠤᠨ ᠲᠠᠯᠠᠪᠠᠢ ᠳᠤ  ᠳᠦᠷᠪᠡᠨ ᠡᠳᠦᠷ ᠦᠷᠭᠦᠯᠵᠢᠯᠡᠵᠡᠢ᠃ ᠲᠡᠨᠳᠡ ᠥᠩᠭᠡᠷᠡᠭᠰᠡᠨ ᠪᠢᠮᠪᠠ ᠭᠠᠷᠠᠭ ᠲᠤ ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ ᠠᠴᠠ 《ᠦᠨᠳᠦᠰᠦᠨ ᠬᠠᠤᠯᠢ ᠶᠢ ᠬᠡᠨ ᠰᠠᠶᠢᠨ ᠮᠡᠳᠡᠬᠦ ᠪᠤᠢ》 ᠠᠰᠠᠭᠤᠯᠲᠠ᠂ ᠬᠠᠷᠢᠭᠤᠯᠲᠠ ᠶᠢᠨ ᠴᠠᠬᠢᠮ ᠤᠷᠤᠯᠳᠤᠭᠠᠨ ᠢ ᠵᠣᠬᠢᠶᠠᠨ ᠪᠠᠢᠭᠤᠯᠪᠠ᠃

ᠲᠤᠰ ᠤᠷᠤᠯᠳᠤᠭᠠᠨ ᠳᠤ ᠵᠣᠷᠢᠭᠤᠯᠤᠨ 50 ᠭᠠᠷᠤᠢ ᠠᠰᠠᠭᠤᠯᠲᠠ ᠪᠡᠯᠡᠳᠬᠡᠵᠦ᠂ 15 ᠮᠢᠨᠦ᠋ᠲ ᠤᠨ ᠬᠤᠭᠤᠴᠠᠭ᠎ᠠ ᠲᠠᠢ 15 ᠠᠰᠠᠭᠤᠯᠲᠠ ᠶᠢ ᠴᠠᠬᠢᠮ ᠳᠤ ᠪᠠᠶᠢᠷᠢᠰᠢᠭᠤᠯᠤᠭᠰᠠᠨ ᠪᠠᠶᠢᠨ᠎ᠠ᠃ ᠲᠡᠮᠡᠴᠡᠭᠡᠨ ᠳᠦ ᠣᠷᠣᠯᠴᠠᠭᠴᠢᠳ ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ ᠤᠨ ᠠᠰᠠᠷ ᠲᠡᠬᠢ ᠰᠠᠮᠪᠠᠷ᠎ᠠ ᠳᠡᠭᠡᠷᠡᠬᠢ QR ᠺᠣᠳ᠋  ᠢ ᠭᠠᠷ ᠤᠲᠠᠰᠤ ᠪᠠᠷ ᠢᠶᠠᠨ ᠤᠩᠰᠢᠭᠤᠯᠤᠨ ᠠᠰᠠᠭᠤᠯᠲᠠᠨ ᠳᠤ ᠬᠠᠷᠢᠭᠤᠯᠵᠤ ᠣᠷᠣᠯᠴᠠᠵᠠᠢ᠃ ᠢᠩᠭᠢᠭᠡᠳ ᠬᠠᠮᠤᠭ ᠤᠨ ᠪᠣᠭᠣᠨᠢ ᠬᠤᠭᠤᠴᠠᠭᠠᠨ ᠳᠤ᠂ ᠵᠥᠪ ᠬᠠᠷᠢᠭᠤᠯᠤᠭᠰᠠᠨ 20 ᠬᠦᠮᠦᠨ ᠡᠴᠡ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠪᠢᠽᠢᠨᠧᠰ ᠦᠨ ᠰᠤᠷᠭᠠᠭᠤᠯᠢ ᠶᠢᠨ ᠨᠢᠭᠡᠳᠦᠭᠡᠷ ᠳᠠᠮᠵᠢᠶᠠᠨ ᠤ ᠣᠶᠤᠲᠠᠨ ᠣ᠊ ∙ᠨᠠᠮᠤᠭᠤᠨᠳᠠᠷᠢ ᠲᠡᠷᠢᠭᠦᠯᠡᠵᠦ᠂ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠣᠯᠠᠨ ᠤᠯᠤᠰ ᠤᠨ ᠬᠠᠷᠢᠯᠴᠠᠭ᠎ᠠ᠂ ᠨᠡᠶᠢᠲᠡ ᠶᠢᠨ ᠤᠳᠤᠷᠢᠳᠤᠯᠭ᠎ᠠ ᠶᠢᠨ ᠰᠤᠷᠭᠠᠭᠤᠯᠢ ᠶᠢᠨ ᠬᠤᠶᠠᠳᠤᠭᠠᠷ ᠳᠠᠮᠵᠢᠶᠠᠨ ᠤ ᠣᠶᠤᠲᠠᠨ ᠰ∙ᠲᠠᠮᠢᠷ ᠤᠳᠠᠭᠠᠯᠠᠭᠰᠠᠨ ᠪᠠᠶᠢᠨ᠎ᠠ᠃ ᠤᠷᠤᠯᠳᠤᠭᠠᠨ ᠤ ᠶᠡᠷᠦᠩᠬᠡᠢ ᠰᠢᠭᠦᠭᠴᠢ ᠪᠡᠷ ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ ᠤᠨ ᠡᠷᠬᠡ ᠵᠦᠢ ᠶᠢᠨ ᠳ᠋ᠦᠩ ᠰᠢᠨᠵᠢᠯᠡᠭᠡᠨ ᠦ ᠬᠡᠯᠲᠡᠰ ᠦᠨ ᠠᠬᠠᠯᠠᠬᠤ ᠵᠥᠪᠯᠡᠬᠦ ᠫ∙ᠠᠮᠤᠷᠵᠢᠷᠭᠠᠯ ᠠᠵᠢᠯᠯᠠᠵᠠᠢ᠃

ᠰᠡᠳᠬᠢᠭᠳᠡᠯ ᠦᠯᠡᠳᠡᠭᠡᠬᠦ