ᠴᠣᠯᠠ ᠴᠢᠮᠡᠭ ᠣᠯᠭᠣᠬᠤ ᠪᠦᠬᠦ ᠴᠡᠷᠢᠭ ᠦᠨ ᠪᠠᠶᠠᠷ ᠨᠠᠭᠠᠳᠤᠮ 09 ᠰᠠᠷ᠎ᠠ ᠶᠢᠨ 16 ᠳᠦ ᠠᠷᠤᠬᠠᠩᠭᠠᠢ ᠠᠶᠢᠮᠠᠭ ᠤᠨ ᠴᠡᠴᠡᠷᠯᠢᠭ ᠬᠤᠲᠠᠨ᠎ᠠ ᠪᠣᠯᠤᠯ᠎ᠠ᠃ ᠭᠤᠴᠢᠨ ᠬᠤᠶᠠᠳᠠᠬᠢ ᠤᠳᠠᠭ᠎ᠠ ᠶᠢᠨ ᠤᠯᠠᠮᠵᠢᠯᠠᠯᠲᠤ ᠪᠠᠷᠢᠯᠳᠤᠭᠠᠨ ᠳᠤ ᠨᠡᠶᠢᠲᠡ 256 ᠪᠥᠬᠡ ᠬᠦᠴᠦ ᠦᠵᠡᠪᠡ᠃ ᠡᠭᠦᠨ ᠡᠴᠡ ᠥᠪᠦᠷᠬᠠᠩᠭᠠᠢ ᠠᠶᠢᠮᠠᠭ ᠤᠨ ᠵᠡᠭᠦᠨᠪᠠᠶᠠᠨ-ᠤᠯᠠᠭᠠᠨ ᠰᠤᠮᠤ ᠶᠢᠨ ᠬᠠᠷᠢᠶᠠᠲᠤ ᠪ ∙ ᠥᠯᠵᠡᠶᠢᠰᠠᠶᠢᠬᠠᠨ ᠨᠠᠢ᠌ᠮᠠ ᠳᠠᠪᠠᠨ ᠲᠦᠷᠦᠭᠦᠯᠡᠵᠦ᠂ ᠴᠡᠷᠢᠭ ᠦᠨ ᠠᠷᠰᠯᠠᠨ ᠴᠣᠯᠠ ᠬᠦᠷᠲᠡᠵᠡᠢ᠃
ᠲᠡᠭᠡᠪᠡᠯ ᠴᠢᠨᠰᠠᠭ᠎ᠠ ᠥᠨᠳᠥᠷ ᠴᠡᠷᠢᠭ ᠦᠨ ᠨᠠᠭᠠᠳᠤᠮ ᠳᠤ ᠲᠦᠷᠦᠭᠦᠯᠡᠭᠰᠡᠨ᠂ ᠢᠷᠡᠬᠦ ᠵᠢᠯ ᠤᠯᠤᠰ ᠤᠨ ᠴᠣᠯᠠᠲᠠᠨ ᠪᠣᠯᠬᠤ ᠮᠠᠭᠠᠳᠯᠠᠯ ᠲᠡᠢ ᠪ∙ᠥᠯᠵᠡᠶᠢᠰᠠᠶᠢᠬᠠᠨ ᠭᠡᠵᠦ ᠬᠡᠨ ᠪᠤᠢ ? ᠲᠡᠷᠡᠪᠡᠷ 1993 ᠣᠨ ᠳᠤ ᠲᠦᠷᠦᠵᠦ᠂ 2012 ᠣᠨ ᠳᠤ ᠰᠤᠮᠤ ᠶᠢᠨ ᠵᠠᠭᠠᠨ ᠴᠣᠯᠠ ᠬᠦᠷᠲᠡᠪᠡ᠃ 2013 ᠣᠨ ᠳᠤ ᠳᠠᠬᠢᠨ ᠵᠠᠭᠠᠨ ᠴᠣᠯᠠ ᠪᠠᠨ ᠪᠠᠲᠤᠯᠠᠵᠤ᠂ ᠴᠢᠯᠦᠭᠡᠲᠦ ᠪᠥᠬᠡ ᠪᠡᠷ ᠲᠢᠪ ᠳᠡᠯᠡᠬᠡᠢ ᠶᠢᠨ ᠲᠣᠮᠣᠬᠠᠨ ᠲᠡᠮᠡᠴᠡᠭᠡᠨ ᠤᠷᠤᠯᠳᠤᠭᠠᠨ ᠨᠤᠭᠤᠳ ᠲᠤ ᠣᠷᠣᠯᠴᠠᠵᠤ ᠪᠠᠶᠢᠪᠠ᠃
ᠪ∙ᠥᠯᠵᠡᠶᠢᠰᠠᠶᠢᠬᠠᠨ 2018 ᠣᠨ ᠳᠤ ᠨᠠᠯᠠᠶᠢᠬᠤ ᠳᠡᠭᠦᠷᠭᠡ ᠶᠢᠨ ᠪᠠᠶᠠᠷ ᠨᠠᠭᠠᠳᠤᠮ ᠳᠤ ᠵᠢᠷᠭᠤᠭ᠎ᠠ ᠳᠠᠪᠠᠨ ᠰᠢᠪᠦᠭᠡᠷᠡᠵᠦ᠂ ᠠᠶᠢᠮᠠᠭ ᠤᠨ ᠬᠠᠷᠴᠠᠭᠠᠢ ᠴᠣᠯᠠ ᠬᠦᠷᠲᠡᠭᠰᠡᠨ ᠶᠤᠮ᠃ ᠲᠡᠷᠡᠪᠡᠷ ᠤᠳᠤ ᠪᠤᠯᠲᠠᠯ᠎ᠠ ᠲᠣᠭᠲᠠᠮᠠᠯ ᠰᠠᠶᠢᠨ ᠪᠠᠷᠢᠯᠳᠤᠵᠤ᠂ ᠰᠤᠮᠤ᠂ ᠠᠶᠢᠮᠠᠭ ᠤᠨ ᠴᠤᠯᠠᠲᠠᠳ ᠤᠨ ᠪᠠᠷᠢᠯᠳᠤᠭᠠᠨ ᠳᠤ ᠲᠦᠷᠦᠭᠦᠯᠡᠭᠡᠳ ᠵᠣᠭᠰᠣᠬᠤ ᠦᠭᠡᠢ ᠨ∙ᠪᠠᠲᠤᠰᠠᠭᠤᠷᠢ᠂ ᠣ᠊∙ᠬᠠᠩᠭᠠᠢ᠂ ᠪ ∙ᠣᠷᠬᠣᠨᠪᠠᠶᠠᠷ ᠨᠠᠷ ᠢ ᠳᠠᠪᠠᠵᠤ ᠪᠠᠶᠢᠯ᠎ᠠ᠃