ᠮ ∙ ᠪᠠᠳᠢᠷᠴᠢ ᠶᠢᠨ B ᠰᠣᠷᠢᠴᠠ ᠶᠢᠨ ᠬᠠᠷᠢᠭᠤ ᠭᠠᠷᠤᠭᠠᠳᠤᠢ | News.MN

ᠮ ∙ ᠪᠠᠳᠢᠷᠴᠢ ᠶᠢᠨ B ᠰᠣᠷᠢᠴᠠ ᠶᠢᠨ ᠬᠠᠷᠢᠭᠤ ᠭᠠᠷᠤᠭᠠᠳᠤᠢ

ᠮ∙ᠪᠠᠳᠢᠷᠴᠢ ᠥᠪᠡᠷ ᠢᠶᠡᠨ ᠮᠡᠳᠡᠭᠳᠡᠯ ᠬᠢᠵᠦ᠂ B ᠰᠣᠷᠢᠴᠠ ᠪᠠᠨ ᠰᠢᠨᠵᠢᠯᠡᠭᠦᠯᠬᠦ ᠬᠦᠰᠡᠯᠲᠡ ᠪᠡᠨ ᠶᠢᠰᠦᠳᠦᠭᠡᠷ ᠰᠠᠷ᠎ᠠ ᠶᠢᠨ 4  ᠳᠦ ᠥᠭᠭᠦᠭᠰᠡᠨ᠃ ᠵᠢᠷᠤᠮ ᠤᠨ ᠳᠠᠭᠠᠤ 14 ᠬᠣᠨᠣᠭ ᠤᠨ ᠳᠠᠷᠠᠭ᠎ᠠ B ᠰᠣᠷᠢᠴᠠ ᠶᠢᠨ ᠬᠠᠷᠢᠭᠤ ᠶᠢ ᠲᠠᠨᠢᠯᠴᠠᠭᠤᠯᠬᠤ ᠶᠣᠰᠣᠲᠠᠢ ᠪᠥᠭᠡᠳ ᠲᠡᠷᠡ ᠡᠳᠦᠷ ᠨᠢ 09 ᠰᠠᠷ᠎ᠠ ᠶᠢᠨ 18 ᠶᠤᠮ᠃
ᠮ∙ᠪᠠᠳᠢᠷᠴᠢ ᠥᠪᠡᠷ ᠦᠨ ᠴᠠᠬᠢᠮ  ᠬᠠᠭᠤᠳᠠᠰᠤᠨ᠎ᠠ᠄《ᠶᠠᠩᠵᠤ ᠪᠦᠷᠢ ᠶᠢᠨ ᠮᠡᠳᠡᠭᠡᠯᠡᠯ ᠭᠠᠷᠴᠤ ᠪᠠᠢᠭ᠎ᠠ ᠴᠤ ᠪᠢ ᠥᠪᠡᠷ ᠲᠡᠭᠡᠨ ᠳᠡᠩᠳᠡᠭᠦᠦ ᠢᠲᠡᠭᠡᠯ ᠲᠡᠢ᠂ ᠰᠡᠷᠭᠦᠭᠡᠰᠢ ᠬᠡᠷᠡᠭᠯᠡᠭᠡ ᠦᠭᠡᠢ ᠲᠤᠯᠠ  ᠢᠷᠡᠭᠰᠡᠨ ᠬᠠᠷᠢᠭᠤ ᠳᠤ ᠡᠷᠡᠭᠡᠯᠵᠡᠭᠰᠡᠨ᠃ ᠪᠠᠭᠰᠢ ᠳᠠᠰᠬᠠᠯᠵᠢᠭᠤᠯᠤᠭᠴᠢ ᠨᠠᠷ ᠲᠠᠢ ᠪᠠᠨ ᠪᠣᠯᠤᠨ ᠮᠡᠷᠭᠡᠵᠢᠯ ᠦᠨ ᠡᠮᠴᠢ ᠨᠠᠷ ᠲᠠᠢ ᠠᠭᠤᠯᠵᠠᠵᠤ᠂ ᠨᠠᠳᠠ ᠠᠴᠠ ᠢᠯᠡᠷᠡᠭᠰᠡᠨ ᠭᠡᠬᠦ ᠪᠣᠳᠠᠰ ᠨᠢ ᠶᠠᠮᠠᠷ ᠡᠮ ᠲᠠᠷᠢᠶᠠᠨ ᠳᠤ ᠪᠠᠶᠢᠳᠠᠭ ᠭᠡᠬᠦ ᠮᠡᠲᠦ ᠲᠠᠯ᠎ᠠ ᠪᠠᠷ ᠮᠡᠳᠡᠭᠡᠯᠡᠯ ᠴᠤᠭᠯᠠᠭᠤᠯᠤᠨ ᠠᠵᠢᠯᠯᠠᠯ᠎ᠠ᠃ ᠢᠩᠭᠢᠭᠡᠳ B ᠰᠣᠷᠢᠴᠠ ᠶᠢᠨ ᠰᠢᠨᠵᠢᠯᠡᠭᠡ ᠶᠢ ᠳᠠᠬᠢᠨ ᠥᠭᠴᠦ᠂ ᠰᠢᠨᠵᠢᠯᠡᠭᠡᠨ ᠳᠦ ᠠᠯᠳᠠᠭ᠎ᠠ ᠭᠠᠷᠤᠭᠰᠠᠨ ᠡᠰᠡᠬᠦ ᠶᠢ ᠨᠢᠭᠲᠠᠯᠠᠭᠤᠯᠬᠤ ᠪᠠᠷ ᠬᠦᠰᠡᠯᠲᠡ ᠪᠡᠨ ᠭᠠᠷᠭᠠᠭᠠᠳ ᠶᠠᠪᠤᠵᠤ ᠪᠠᠶᠢᠨ᠎ᠠ ᠭᠡᠪᠡ᠃
ᠬᠡᠷᠪᠡ ᠰᠣᠷᠢᠴᠠ ᠶᠢᠨ ᠬᠠᠷᠢᠭᠤ A ᠰᠣᠷᠢᠴᠠ ᠶᠢᠨ ᠬᠠᠷᠢᠭᠤ ᠲᠠᠢ ᠲᠠᠭᠠᠷᠠᠭᠰᠠᠨ ᠭᠡᠪᠡᠯ ᠰᠣᠨᠣᠰᠬᠠᠯ ᠵᠣᠬᠢᠶᠠᠨ ᠪᠠᠶᠢᠭᠤᠯᠵᠤ᠂ ᠮ ∙ ᠪᠠᠳᠢᠷᠴᠢ ᠶᠢᠨ ᠲᠠᠶᠢᠯᠪᠤᠷᠢ ᠶᠢ ᠰᠤᠨᠤᠰᠬᠤ ᠪᠣᠯᠤᠨ᠎ᠠ᠃ ᠮᠣᠩᠭᠣᠯ ᠳᠤ ᠰᠢᠭᠤᠳ ᠯᠠ ᠶᠠᠯᠠᠯᠠᠬᠤ᠂ ᠰᠢᠭᠦᠬᠦ ᠲᠣᠬᠢᠶᠠᠯᠳᠤᠯ ᠶᠡᠬᠡ ᠪᠠᠶᠢᠳᠠᠭ ᠤᠴᠢᠷ ᠲᠠᠮᠢᠷᠴᠢᠨ ᠥᠪᠡᠷ ᠢ ᠪᠡᠨ ᠬᠠᠮᠠᠭᠠᠯᠠᠬᠤ᠂ ᠦᠭᠡ ᠬᠡᠯᠡᠬᠦ ᠪᠣᠯᠤᠮᠵᠢ ᠣᠯᠭᠤᠳᠠᠭ ᠦᠭᠡᠢ᠃ ᠰᠣᠨᠣᠰᠬᠠᠯ ᠤᠨ ᠳᠠᠷᠠᠭ᠎ᠠ ᠬᠣᠯᠪᠣᠭᠳᠠᠬᠤ ᠬᠦᠮᠦᠰ ᠵᠣᠬᠢᠬᠤ ᠰᠢᠢᠳᠪᠦᠷᠢ ᠶᠢ ᠭᠠᠷᠭᠠᠨ᠎ᠠ᠃

ᠰᠡᠳᠬᠢᠭᠳᠡᠯ ᠦᠯᠡᠳᠡᠭᠡᠬᠦ