ᠰᠡᠨᠵᠢᠲᠦ ᠬᠠᠳᠠ | News.MN

ᠰᠡᠨᠵᠢᠲᠦ ᠬᠠᠳᠠ

ᠳᠣᠷᠣᠨᠠᠭᠣᠪᠢ ᠠᠶᠢᠮᠠᠭ ᠤᠨ ᠪᠠᠢᠭᠠᠯᠢ ᠶᠢᠨ ᠲᠡᠦᠬᠡᠨ ᠳᠤᠷᠠᠰᠬᠠᠯᠲᠤ ᠰᠣᠨᠢᠨ ᠬᠠᠴᠢᠨ ᠢ ᠦᠭᠦᠯᠡᠭᠰᠡᠨ ᠣᠨᠴᠠᠯᠢᠭ ᠭᠠᠵᠠᠷ ᠠᠴᠠ ᠴᠤᠪᠤᠷᠠᠯ ᠢᠶᠠᠷ ᠬᠦᠷᠭᠡᠵᠦ ᠪᠠᠶᠢᠨ᠎ᠠ᠃ ᠲᠤᠰ ᠠᠶᠢᠮᠠᠭ ᠤᠨ ᠠᠯᠲᠠᠨᠰᠢᠷᠡᠭᠡ ᠰᠤᠮᠤ ᠶᠢᠨ ᠶᠢᠰᠦᠨ ᠭᠠᠶᠢᠬᠠᠮᠰᠢᠭ ᠤᠨ ᠨᠢᠭᠡ ᠪᠣᠯᠬᠤ ᠰᠡᠨᠵᠢᠲᠦ ᠬᠠᠳᠠ  ᠲᠣᠶᠢᠭ ᠪᠠᠭ ᠤᠨ ᠨᠤᠲᠤᠭ ᠲᠤ ᠤᠷᠤᠰᠢᠬᠤ ᠪᠠ ᠠᠶᠢᠮᠠᠭ ᠤᠨ ᠲᠥᠪ ᠡᠴᠡ 122 ᠺᠢᠯᠣᠮᠧᠲ᠋ᠷ᠂ ᠰᠤᠮᠤ ᠶᠢᠨ ᠲᠥᠪ ᠡᠴᠡ 35 ᠺᠢᠯᠣᠮᠧᠲ᠋ᠷ  ᠲᠤ ᠪᠠᠶᠢᠷᠢᠯᠠᠳᠠᠭ᠃ ᠡᠨᠡ ᠬᠠᠳᠠ 15 ᠺᠢᠯᠣᠮᠧᠲ᠋ᠷ ᠤᠷᠲᠤ᠂ ᠬᠣᠶᠠᠷ ᠺᠢᠯᠣᠮᠧᠲ᠋ᠷ ᠥᠷᠭᠡᠨ ᠭᠠᠵᠠᠷ ᠢ ᠡᠵᠡᠯᠡᠭᠰᠡᠨ ᠥᠪᠡᠷᠮᠢᠴᠡ ᠲᠣᠭᠲᠠᠴᠠ ᠲᠠᠢ ᠦᠷᠭᠦᠯᠵᠢᠯᠡᠭᠰᠡᠨ ᠬᠠᠳᠠᠨ ᠤ ᠳᠤᠮᠳᠠ ᠪᠠᠶᠢᠳᠠᠭ ᠪᠥᠭᠡᠳ ᠬᠣᠯᠠ ᠠᠴᠠ ᠬᠠᠷᠠᠬᠤ ᠳᠤ ᠪᠠᠷ᠎ᠠ ᠰᠦᠷ ᠲᠡᠢ ᠠᠷᠰᠯᠠᠨ ᠮᠡᠲᠦ ᠲᠡᠳᠦᠢ ᠦᠭᠡᠢ᠂ ᠵᠠᠷᠢᠮ ᠳᠡᠭᠡᠷ᠎ᠡ ᠨᠢ ᠪᠢᠴᠢᠭ ᠲᠡᠢ᠂ ᠲᠣᠮᠣ᠂ ᠵᠢᠵᠢᠭ ᠣᠯᠠᠨ ᠰᠡᠨᠵᠢ ᠲᠡᠢ ᠪᠥᠯᠦᠭᠡ᠃
ᠡᠨᠡ ᠣᠷᠴᠢᠮ ᠤᠨ ᠠᠭᠤᠯᠠ ᠬᠠᠳᠠ ᠨᠢ ᠡᠪᠦᠯ ᠨᠥᠮᠥᠷᠢ ᠳᠤᠯᠠᠭᠠᠨ᠂ ᠵᠤᠨ  ᠰᠡᠷᠢᠭᠦᠨ ᠰᠠᠶᠢᠬᠠᠨ ᠪᠠᠶᠢᠳᠠᠭ ᠠᠴᠠ ᠭᠠᠳᠠᠨ᠎ᠠ ᠡᠨᠳᠡ ᠳᠣᠯᠣᠭ᠎ᠠ ᠨᠠᠢ᠌ᠮᠠᠨ ᠬᠤᠳᠳᠤᠭ᠂ 18 ᠥᠲᠦᠭ ᠪᠠᠭᠤᠴᠠ᠂ ᠳᠥᠷᠪᠡ ᠡᠴᠡ ᠲᠠᠪᠤᠨ ᠬᠠᠨᠠᠨ ᠬᠠᠳᠠᠨ ᠬᠣᠷᠢᠶ᠎ᠠ ᠪᠠᠶᠢᠳᠠᠭ᠃ ᠰᠡᠨᠵᠢᠲᠦ ᠬᠠᠳᠠ ᠶᠢ ᠨᠤᠲᠤᠭ ᠤᠨ ᠵᠣᠬᠢᠶᠠᠯᠴᠢ ᠮ ∙ ᠴᠢᠯᠠᠭᠤᠨ 《ᠪᠠᠶᠢᠭᠠᠯᠢ ᠡᠵᠢ ᠶᠢᠨ ᠴᠣᠩᠬᠣ》 ᠭᠡᠵᠦ ᠵᠦᠢᠷᠯᠡᠭᠰᠡᠨ ᠪᠠᠶᠢᠳᠠᠭ᠃

ᠰᠡᠳᠬᠢᠭᠳᠡᠯ ᠦᠯᠡᠳᠡᠭᠡᠬᠦ