ᠮᠣᠩᠭᠣᠯ᠂ ᠶᠠᠫᠣᠨ ᠤ ᠡᠮᠡᠭᠲᠡᠢ ᠭᠡᠷᠡᠯ ᠵᠢᠷᠤᠭᠴᠢᠳ ᠦᠵᠡᠰᠬᠦᠯᠡᠩ ᠨᠡᠭᠡᠭᠡᠪᠡ | News.MN

ᠮᠣᠩᠭᠣᠯ᠂ ᠶᠠᠫᠣᠨ ᠤ ᠡᠮᠡᠭᠲᠡᠢ ᠭᠡᠷᠡᠯ ᠵᠢᠷᠤᠭᠴᠢᠳ ᠦᠵᠡᠰᠬᠦᠯᠡᠩ ᠨᠡᠭᠡᠭᠡᠪᠡ

ᠮᠣᠩᠭᠣᠯ᠂ ᠶᠠᠫᠣᠨ ᠤᠯᠤᠰ ᠤᠨ ᠡᠮᠡᠭᠲᠡᠢ ᠭᠡᠷᠡᠯ ᠵᠢᠷᠤᠭᠴᠢᠳ ᠤᠨ ᠬᠠᠮᠲᠤᠷᠠᠭᠰᠠᠨ 《ᠲᠠᠪᠤᠨ ᠠᠮᠢᠳᠤᠷᠠᠯ》 ᠭᠡᠷᠡᠯ ᠵᠢᠷᠤᠭ ᠤᠨ ᠦᠵᠡᠰᠬᠦᠯᠡᠩ ᠢ ᠮᠣᠩᠭᠣᠯ ᠤᠨ ᠤᠷᠠᠨ ᠵᠢᠷᠤᠭ ᠤᠨ ᠭᠠᠯᠧᠷᠧᠢ ᠳᠦ ᠥᠨᠥᠳᠥᠷ ᠨᠡᠭᠡᠭᠡᠯ᠎ᠡ᠃ ᠡᠮᠡᠭᠲᠡᠢ ᠭᠡᠷᠡᠯ ᠵᠢᠷᠤᠭᠴᠢᠳ ᠤᠨ 《ᠪᠦᠰᠡᠭᠦᠢ ᠮᠡᠯᠮᠡᠢ》 ᠨᠢᠭᠡᠳᠦᠯ ᠡᠴᠡ ᠵᠣᠬᠢᠶᠠᠨ ᠪᠠᠶᠢᠭᠤᠯᠵᠤ ᠪᠤᠢ ᠡᠨᠡ ᠬᠦ ᠦᠵᠡᠰᠬᠦᠯᠡᠩ 《ᠠᠮᠢᠳᠤᠷᠠᠯ》 ᠬᠡᠮᠡᠬᠦ ᠨᠢᠭᠡᠨ ᠰᠡᠳᠦᠪ ᠲᠠᠢ ᠪᠥᠭᠡᠳ ᠡᠷᠭᠢᠬᠦ ᠳᠥᠷᠪᠡᠨ ᠤᠯᠠᠷᠢᠯ᠂ ᠰᠠᠷ᠎ᠠ᠂ ᠵᠢᠯ ᠦᠳ ᠦᠨ ᠲᠤᠷᠰᠢᠳᠠ ᠰᠣᠩᠭᠣᠭᠰᠠᠨ  ᠳᠦᠷᠢ ᠡᠴᠡ ᠪᠡᠨ ᠳᠤᠷᠠᠨ ᠢᠶᠠᠨ ᠦᠯᠦ ᠰᠠᠯᠭᠠᠨ᠂ ᠠᠮᠢᠳᠤᠷᠠᠯ ᠤᠨ ᠬᠢᠨᠢ ᠬᠡᠮᠨᠡᠯ᠂ ᠵᠠᠮᠨᠠᠯ ᠤᠨ ᠳᠦᠷᠰᠦᠲᠦ ᠲᠡᠦᠬᠡ ᠶᠢ ᠪᠢᠴᠢᠭᠰᠡᠨ ᠨᠢ ᠵᠥᠪᠬᠡᠨ ᠲᠡᠭᠦᠨ ᠦ ᠠᠮᠢᠳᠤᠷᠠᠯ ᠤᠨ ᠲᠡᠳᠦᠢ ᠦᠭᠡᠢ᠂ ᠭᠡᠷᠡᠯ ᠵᠢᠷᠤᠭ ᠤᠨ ᠲᠡᠦᠬᠡ᠂ ᠰᠠᠩ ᠬᠥᠮᠥᠷᠭᠡ ᠶᠢ ᠪᠠᠶᠠᠵᠢᠭᠤᠯᠵᠤ ᠪᠠᠢᠭ᠎ᠠ ᠳᠤ ᠦᠨ᠎ᠡ ᠴᠡᠨ᠎ᠡ ᠨᠢ ᠣᠷᠣᠰᠢᠨ᠎ᠠ᠃
ᠶᠠᠫᠣᠨ ᠤ ᠭᠡᠷᠡᠯ ᠵᠢᠷᠤᠭᠴᠢᠨ ᠮᠠᠴᠤᠮᠠᠲ᠋ᠣ ᠶᠣᠰᠢᠺᠣ ᠮᠣᠩᠭᠣᠯ ᠳᠤ ᠭᠡᠷᠡᠯ ᠵᠢᠷᠤᠭ ᠤᠨ ᠵᠢᠷᠭᠤᠭᠠᠳᠠᠬᠢ ᠦᠵᠡᠰᠬᠦᠯᠡᠩ ᠪᠠᠨ ᠭᠠᠷᠭᠠᠵᠤ ᠪᠤᠢ ᠶᠤᠮ᠃ ᠬᠠᠮᠤᠭ ᠤᠨ ᠠᠩᠬ᠎ᠠ ᠮᠣᠩᠭᠣᠯ ᠤᠨ ᠨᠢᠭᠡ ᠭᠡᠷ ᠪᠦᠯᠢ ᠶᠢᠨ ᠠᠮᠢᠳᠤᠷᠠᠯ ᠢ 20 ᠵᠢᠯ ᠦᠨ ᠲᠤᠷᠰᠢ ᠭᠡᠷᠡᠯ ᠵᠢᠷᠤᠭᠲᠤ ᠪᠠᠨ ᠪᠠᠭᠤᠯᠭᠠᠭᠰᠠᠨ ᠲᠡᠷᠡᠪᠡᠷ ᠳᠥᠷᠪᠡᠨ ᠭᠡᠷᠡᠯ ᠵᠢᠷᠤᠭᠴᠢᠨ ᠲᠠᠢ ᠶᠠᠷᠢᠯᠴᠠᠨ ᠡᠨᠡ ᠬᠦ ᠦᠵᠡᠰᠬᠦᠯᠡᠩ ᠢ ᠭᠠᠷᠭᠠᠬᠤ ᠪᠠᠷ ᠪᠣᠯᠵᠠᠢ᠃ ᠪᠠᠷᠢᠮᠲᠠᠲᠤ ᠭᠡᠷᠡᠯ ᠵᠢᠷᠤᠭ ᠨᠢ ᠲᠡᠦᠬᠡ ᠶᠢ ᠮᠠᠰᠢ ᠰᠠᠶᠢᠨ ᠦᠯᠡᠳᠡᠭᠡᠵᠦ ᠴᠢᠳᠠᠳᠠᠭ ᠲᠥᠷᠥᠯ ᠶᠤᠮ᠃ ᠡᠯ᠎ᠡ ᠦᠵᠡᠰᠬᠦᠯᠡᠩ ᠡᠨᠡ ᠰᠠᠷ᠎ᠠ ᠶᠢᠨ 23  ᠬᠦᠷᠲᠡᠯ᠎ᠡ ᠣᠯᠠᠨ ᠤ ᠬᠦᠷᠲᠡᠭᠡᠯ ᠪᠣᠯᠤᠨ᠎ᠠ᠃

ᠰᠡᠳᠬᠢᠭᠳᠡᠯ ᠦᠯᠡᠳᠡᠭᠡᠬᠦ