ᠥᠷᠢ 793 ᠰᠠᠶ᠎ᠠ ᠳ᠋ᠣᠯᠯᠠᠷ ᠢᠶᠠᠷ ᠥᠰᠴᠠᠢ | News.MN

ᠥᠷᠢ 793 ᠰᠠᠶ᠎ᠠ ᠳ᠋ᠣᠯᠯᠠᠷ ᠢᠶᠠᠷ ᠥᠰᠴᠠᠢ

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠶᠢᠨ ᠮᠡᠳᠡᠭᠡᠯᠡᠯ ᠢᠶᠡᠷ ᠮᠣᠩᠭᠣᠯ ᠤᠯᠤᠰ ᠤᠨ ᠭᠠᠳᠠᠭᠠᠳᠤ ᠥᠷᠢ ᠨᠢᠭᠡ ᠵᠢᠯ ᠦᠨ ᠳᠣᠲᠣᠷ᠎ᠠ 792.9 ᠰᠠᠶ᠎ᠠ ᠳ᠋ᠣᠯᠯᠠᠷ ᠢᠶᠠᠷ ᠦᠰᠴᠦ᠂ 33.8 ᠲᠡᠷᠪᠤᠮ ᠳ᠋ᠣᠯᠯᠠᠷ ᠪᠣᠯᠵᠠᠢ᠃ ᠰᠠᠩ ᠤᠨ ᠶᠠᠮᠤᠨ ᠤ ᠮᠡᠳᠡᠭᠡᠯᠡᠯ ᠢᠶᠡᠷ᠂ ᠵᠠᠰᠠᠭ ᠤᠨ ᠭᠠᠵᠠᠷ ᠤᠨ ᠭᠠᠳᠠᠭᠠᠳᠤ ᠵᠢᠭᠡᠯᠡᠯᠭᠡ 32 ᠶᠡᠬᠡ ᠨᠠᠶᠤᠳ ᠲᠥᠭᠥᠷᠢᠭ ᠪᠣᠯᠤᠭᠰᠠᠨ ᠪᠠᠶᠢᠨ᠎ᠠ᠃ ᠡᠨᠡ ᠨᠢ ᠨᠢᠭᠡᠳᠦᠭᠡᠷ ᠤᠯᠠᠷᠢᠯ ᠠᠴᠠ 0.7 ᠬᠤᠪᠢ ᠪᠠᠷ᠂ ᠡᠮᠦᠨᠡᠬᠢ ᠣᠨ ᠤ ᠮᠥᠨ ᠦᠶ᠎ᠡ ᠡᠴᠡ 2.4 ᠬᠤᠪᠢ ᠪᠠᠷ ᠥᠰᠦᠭᠰᠡᠨ ᠦᠵᠡᠭᠦᠯᠦᠯᠲᠡ ᠪᠣᠯᠤᠯ᠎ᠠ᠃
ᠳᠤᠲᠤᠭᠠᠳᠤ ᠶᠢᠨ ᠨᠡᠢᠲᠡ ᠪᠦᠲᠦᠭᠡᠭᠳᠡᠬᠦᠨ  ᠦ 50 ᠬᠤᠪᠢ ᠳᠥᠬᠥᠭᠡᠳ ᠪᠤᠢ ᠡᠨᠡ ᠦᠵᠡᠭᠦᠯᠦᠯᠲᠡ Covid-19 ᠲᠠᠬᠤᠯ ᠤᠨ ᠦᠶ᠎ᠡ ᠳᠦ ᠣᠭᠴᠣᠮ ᠨᠡᠮᠡᠭᠳᠡᠭᠰᠡᠨ ᠪᠠᠶᠢᠳᠠᠭ᠃ ᠲᠡᠭᠡᠪᠡᠯ ᠭᠠᠳᠠᠭᠠᠳᠤ ᠵᠢᠭᠡᠯᠡ ᠶᠢ ᠬᠥᠭᠵᠢᠯ ᠦᠨ ᠲᠣᠮᠣᠬᠠᠨ ᠲᠥᠰᠥᠯ ᠦᠳ ᠢ ᠬᠡᠷᠡᠭᠵᠢᠭᠦᠯᠬᠦ ᠳᠦ ᠴᠢᠭᠯᠡᠭᠦᠯᠬᠦ᠂ ᠬᠡᠷᠡᠭᠵᠢᠵᠦ ᠪᠠᠶᠢᠭ᠎ᠠ ᠲᠥᠰᠥᠯ ᠦᠳ ᠢ ᠬᠤᠭᠤᠴᠠᠭᠠᠨ ᠳᠤ ᠨᠢ ᠳᠠᠭᠤᠰᠬᠠᠬᠤ ᠪᠣᠳᠣᠯᠭ᠎ᠠ ᠴᠢᠭᠯᠡᠯ ᠪᠠᠷᠢᠮᠲᠠᠯᠠᠵᠤ ᠪᠤᠢ ᠠᠵᠠᠢ᠃

ᠲᠤᠬᠠᠶᠢᠯᠠᠪᠠᠯ᠂ ᠡᠨᠡᠳᠬᠡᠭ ᠦᠨ ᠵᠢᠭᠡᠯᠡ ᠪᠡᠷ ᠬᠡᠷᠡᠭᠵᠢᠵᠦ ᠪᠤᠢ 《ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠪᠠᠷᠢᠬᠤ ᠲᠥᠰᠥᠯ》  ᠦᠨ ᠨᠢᠭᠡᠳᠦᠭᠡᠷ ᠪᠠᠭᠴᠠ ᠠᠵᠢᠯ 2023 ᠣᠨ ᠤ ᠠᠷᠪᠠᠨ ᠨᠢᠭᠡᠳᠦᠭᠡᠷ ᠰᠠᠷ᠎ᠠ ᠳᠤ ᠪᠦᠷᠢᠨ ᠳᠠᠭᠤᠰᠬᠤ ᠪᠠᠷ ᠲᠥᠯᠥᠪᠯᠡᠭᠳᠡᠭᠰᠡᠨ᠃ ᠪᠦᠭᠦᠳᠡ ᠨᠠᠢᠷᠠᠮᠳᠠᠬᠤ  ᠰᠤᠯᠤᠩᠭᠤᠰ ᠤᠯᠤᠰ ᠤᠨ《10 ᠠᠶᠢᠮᠠᠭ ᠤᠨ ᠲᠥᠪ ᠦᠨ ᠳᠤᠯᠠᠭᠠᠨ ᠤ ᠰᠲ᠋ᠠᠨᠼ ᠪᠠᠷᠢᠬᠤ ᠲᠥᠰᠥᠯ》 ᠤᠨ ᠪᠠᠷᠢᠯᠭ᠎ᠠ ᠤᠭᠰᠠᠷᠠᠯᠲᠠ ᠶᠢᠨ ᠠᠵᠢᠯ ᠲᠥᠯᠦᠪᠯᠡᠭᠡᠨ ᠦ ᠳᠠᠭᠠᠤ ᠶᠠᠪᠤᠭᠳᠠᠵᠤ ᠪᠠᠶᠢᠭ᠎ᠠ ᠪᠠ ᠠᠷᠤᠬᠠᠩᠭᠠᠢ᠂ ᠪᠠᠶᠠᠨᠬᠣᠩᠭᠣᠷ᠂ ᠭᠣᠪᠢ-ᠠᠯᠲᠠᠢ᠂ ᠭᠤᠪᠢᠰᠦ᠋ᠮᠪᠤᠷ᠂ ᠳᠤᠮᠳᠠᠭᠤᠪᠢ᠂ ᠵᠠᠪᠬᠠᠨ᠂ ᠥᠪᠦᠷᠬᠠᠩᠭᠠᠢ᠂ ᠰᠦᠬᠡᠪᠠᠭᠠᠲᠤᠷ᠂ ᠲᠥᠪ᠂ ᠬᠡᠨᠲᠡᠢ ᠠᠶᠢᠮᠠᠭ ᠤᠨ ᠲᠥᠪ ᠲᠦ 10 ᠳᠤᠯᠠᠭᠠᠨ ᠤ ᠰᠲ᠋ᠠᠨᠼ᠂ 88 ᠳᠤᠯᠠᠭᠠᠨ ᠳᠠᠮᠵᠢᠭᠤᠯᠬᠤ ᠲᠥᠪ᠂ 67 ᠺᠢᠯᠣᠮᠧᠲ᠋ᠷ ᠤᠷᠲᠤ  ᠳᠤᠯᠠᠭᠠᠨ ᠳᠠᠮᠵᠢᠭᠤᠯᠬᠤ ᠱᠤᠭᠤᠮ ᠰᠦᠯᠵᠢᠶ᠎ᠡ ᠪᠠᠷᠢᠬᠤ ᠠᠵᠢᠯ ᠦᠷᠭᠦᠯᠵᠢᠯᠡᠨ ᠬᠡᠷᠡᠭᠵᠢᠵᠦ ᠪᠠᠶᠢᠭ᠎ᠠ ᠶᠤᠮ᠃
ᠮᠣᠩᠭᠣᠯ ᠤᠯᠤᠰ ᠤᠨ ᠭᠠᠳᠠᠭᠠᠳᠤ ᠥᠷᠢ ᠡᠶᠢᠨᠬᠦᠦ ᠥᠰᠬᠦ ᠳᠦ ᠰᠢᠭᠤᠳ ᠬᠥᠷᠥᠩᠭᠡ ᠣᠷᠣᠭᠤᠯᠤᠯᠲᠠ᠂ ᠺᠣᠮᠫᠠᠨᠢ ᠬᠣᠭᠣᠷᠣᠨᠳᠣ ᠶᠢᠨ ᠵᠢᠭᠡᠯᠡᠯᠭᠡ 1.9 ᠲᠡᠷᠪᠤᠮ ᠳ᠋ᠣᠯᠯᠠᠷ᠂ ᠲᠥᠪ ᠪᠠᠩᠬᠢᠨ ᠠᠴᠠ ᠪᠤᠰᠤᠳ ᠬᠠᠳᠠᠭᠠᠯᠠᠮᠵᠢ ᠶᠢᠨ ᠪᠠᠶᠢᠭᠤᠯᠤᠯᠭ᠎ᠠ ᠶᠢᠨ ᠬᠢ 318.3 ᠰᠠᠶ᠎ᠠ ᠳ᠋ᠣᠯᠯᠠᠷ᠂ ᠵᠠᠰᠠᠭ ᠤᠨ ᠭᠠᠵᠠᠷ ᠤᠨ ᠬᠢ 92.1︵1.2%︶ ᠰᠠᠶ᠎ᠠ ᠳ᠋ᠣᠯᠯᠠᠷ ᠢᠶᠠᠷ ᠦᠰᠦᠭᠰᠡᠨ ᠨᠢ ᠨᠥᠯᠦᠭᠡᠯᠡᠭᠰᠡᠨ ᠭᠡᠳᠡᠭ ᠢ ᠡᠨᠳᠡ ᠳᠤᠷᠠᠳᠬᠤ ᠬᠡᠷᠡᠭᠲᠡᠢ᠃ ᠬᠠᠷᠢᠨ ᠪᠤᠰᠤᠳ ᠰᠠᠯᠪᠤᠷᠢ ᠨᠤᠭᠤᠳ ᠤᠨ ᠭᠠᠳᠠᠭᠠᠳᠤ ᠥᠷᠢ 993.5 ᠳ᠋ᠣᠯᠯᠠᠷ᠂ ᠲᠥᠪ ᠪᠠᠩᠬᠢᠨ ᠤ ᠬᠢ 494.1 ᠰᠠᠶ᠎ᠠ ᠳ᠋ᠣᠯᠯᠠᠷ ᠢᠶᠠᠷ ᠪᠠᠭᠤᠷᠠᠵᠠᠢ᠃

ᠰᠡᠳᠬᠢᠭᠳᠡᠯ ᠦᠯᠡᠳᠡᠭᠡᠬᠦ