ᠡᠺᠰᠫᠣᠷᠲ 29.2 ᠬᠤᠪᠢ ᠪᠠᠷ ᠥᠰᠴᠠᠢ | News.MN

ᠡᠺᠰᠫᠣᠷᠲ 29.2 ᠬᠤᠪᠢ ᠪᠠᠷ ᠥᠰᠴᠠᠢ

ᠮᠠᠨ ᠤ ᠤᠯᠤᠰ ᠡᠨᠡ ᠣᠨ ᠤ ᠡᠬᠢᠨ ᠦ 8 ᠰᠠᠷ᠎ᠠ ᠳᠤ 155 ᠤᠯᠤᠰ ᠲᠠᠢ ᠬᠤᠳᠠᠯᠳᠤᠭ᠎ᠠ ᠬᠢᠵᠦ᠂ ᠭᠠᠳᠠᠭᠠᠳᠤ ᠬᠤᠳᠠᠯᠳᠤᠭᠠᠨ ᠤ ᠪᠠᠷᠠᠭ᠎ᠠ ᠡᠷᠭᠢᠯᠲᠡ 16 ᠲᠡᠷᠪᠤᠮ᠂ ᠡᠭᠦᠨ ᠡᠴᠡ ᠡᠺᠰᠫᠣᠷᠲ 10 ᠲᠡᠷᠪᠤᠮ᠂ ᠢᠮᠫᠣᠷᠲ 5.9 ᠲᠡᠷᠪᠤᠮ ᠳ᠋ᠣᠯᠯᠠᠷ ᠪᠠᠶᠢᠨ᠎ᠠ᠃ ᠨᠡᠶᠢᠲᠡ ᠪᠠᠷᠠᠭ᠎ᠠ ᠡᠷᠭᠢᠯᠲᠡ ᠶᠢᠨ ᠬᠡᠮᠵᠢᠶ᠎ᠡ ᠡᠮᠦᠨᠡᠬᠢ ᠣᠨ ᠤ ᠮᠥᠨ ᠦᠶ᠎ᠡ ᠡᠴᠡ 2.6︵19.6 ᠬᠤᠪᠢ︶ᠲᠡᠷᠪᠤᠮ᠂ ᠡᠺᠰᠫᠣᠷᠲ 2.3︵29.2 ᠬᠤᠪᠢ︶ᠲᠡᠷᠪᠤᠮ᠂ ᠢᠮᠫᠣᠷᠲ 347.1︵6.2 ᠬᠤᠪᠢ︶ ᠰᠠᠶ᠎ᠠ ᠳ᠋ᠣᠯᠯᠠᠷ ᠢᠶᠠᠷ ᠥᠰᠴᠠᠢ᠃

ᠭᠠᠳᠠᠭᠠᠳᠤ ᠬᠤᠳᠠᠯᠳᠤᠭᠠᠨ ᠤ ᠲᠡᠩᠴᠡᠯ ᠡᠨᠡ ᠣᠨ ᠤ ᠡᠬᠢᠨ ᠦ 8 ᠰᠠᠷ᠎ᠠ ᠳᠤ 4.1 ᠲᠡᠷᠪᠤᠮ ᠳ᠋ᠣᠯᠯᠠᠷ ᠤᠨ ᠠᠰᠢᠭ ᠲᠠᠢ ᠭᠠᠷᠴᠤ᠂ ᠡᠮᠦᠨᠡᠬᠢ ᠣᠨ ᠤ ᠮᠥᠨ ᠦᠶ᠎ᠡ  ᠡᠴᠡ 1.9︵89.5 ᠬᠤᠪᠢ︶ᠲᠡᠷᠪᠤᠮ ᠳ᠋ᠣᠯᠯᠠᠷ ᠢᠶᠠᠷ ᠥᠰᠦᠭᠰᠡᠨ ᠪᠣᠯ ᠡᠨᠡ ᠣᠨ ᠤ 8 ᠳ᠋ᠤᠭᠠᠷ ᠰᠠᠷ᠎ᠠ ᠳᠤ 382 ᠰᠠᠶ᠎ᠠ ᠳ᠋ᠣᠯᠯᠠᠷ ᠤᠨ ᠠᠰᠢᠭ ᠲᠠᠢ ᠭᠠᠷᠴᠤ᠂ ᠡᠮᠦᠨᠡᠬᠢ ᠰᠠᠷ᠎ᠠ ᠠᠴᠠ 12.8︵3.2 ᠬᠤᠪᠢ︶ᠰᠠᠶ᠎ᠠ ᠳ᠋ᠣᠯᠯᠠᠷ ᠢᠶᠠᠷ ᠪᠠᠭᠤᠷᠠᠪᠠ᠃

ᠰᠡᠳᠬᠢᠭᠳᠡᠯ ᠦᠯᠡᠳᠡᠭᠡᠬᠦ