ᠭ∙ᠽᠠᠨᠳᠠᠨᠰᠢᠲᠠᠷ᠎ᠠ ᠰᠲ᠋ᠠᠨᠹᠤᠷᠳ᠋ ᠤᠨ ᠰᠤᠳᠤᠯᠤᠭᠠᠴᠢ᠂ ᠤᠶᠤᠲᠠᠳ ᠲᠡᠢ ᠠᠭᠤᠯᠵᠠᠯ᠎ᠠ | News.MN

ᠭ∙ᠽᠠᠨᠳᠠᠨᠰᠢᠲᠠᠷ᠎ᠠ ᠰᠲ᠋ᠠᠨᠹᠤᠷᠳ᠋ ᠤᠨ ᠰᠤᠳᠤᠯᠤᠭᠠᠴᠢ᠂ ᠤᠶᠤᠲᠠᠳ ᠲᠡᠢ ᠠᠭᠤᠯᠵᠠᠯ᠎ᠠ

ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ ᠠᠮᠧᠷᠢᠺᠠ ᠶᠢᠨ ᠰᠲ᠋ᠠᠨᠹᠤᠷᠳ᠋ ᠤᠨ ᠶᠡᠬᠡ ᠰᠤᠷᠭᠠᠭᠤᠯᠢ ᠶᠢᠨ ᠰᠤᠳᠤᠯᠤᠭᠠᠴᠢ ᠤᠶᠤᠲᠠᠳ ᠤᠨ ᠲᠥᠯᠥᠭᠡᠯᠡᠯ ᠢ ᠬᠦᠯᠢᠶᠡᠨ ᠠᠪᠴᠤ ᠠᠭᠤᠯᠵᠠᠯ᠎ᠠ᠃ ᠠᠭᠤᠯᠵᠠᠯᠲᠠ ᠶᠢᠨ ᠡᠬᠢᠨ ᠳᠦ  ᠲᠡᠷᠡᠪᠡᠷ᠂ ᠠᠳᠠᠯᠢᠬᠠᠨ ᠰᠲ᠋ᠠᠨᠹᠤᠷᠳ᠋ ᠶᠡᠬᠡ ᠰᠤᠷᠭᠠᠭᠤᠯᠢ ᠪᠠᠷ ᠣᠪᠤᠭᠯᠠᠳᠠᠭ ᠤᠨ ᠬᠤᠪᠢ ᠳᠤ ᠰᠢᠨ᠎ᠡ ᠦᠶ᠎ᠡ ᠶᠢᠨ ᠮᠠᠩᠯᠠᠶᠢᠯᠠᠭᠴᠢᠳ ᠤᠨ ᠲᠥᠯᠥᠭᠡᠯᠡᠯ ᠲᠡᠢ ᠠᠭᠤᠯᠵᠠᠵᠤ ᠪᠤᠢ ᠳᠤ ᠪᠠᠨ ᠲᠠᠭᠠᠲᠠᠢ ᠪᠠᠶᠢᠭ᠎ᠠ ᠪᠠᠨ ᠢᠯᠡᠷᠬᠡᠶᠢᠯᠡᠪᠡ᠃

ᠬᠦᠷᠦᠯᠴᠡᠨ ᠢᠷᠡᠭᠰᠡᠨ ᠰᠤᠳᠤᠯᠤᠭᠠᠴᠢ ᠤᠶᠤᠲᠠᠳ ᠤᠨ ᠪᠦᠷᠢᠯᠳᠦᠬᠦᠨ ᠳᠦ ᠰᠲ᠋ᠠᠨᠹᠤᠷᠳ᠋  ᠤᠨ ᠶᠡᠬᠡ ᠰᠤᠷᠭᠠᠭᠤᠯᠢ ᠶᠢᠨ ᠡᠷᠡᠭᠦᠯ ᠮᠡᠨᠳᠦ ᠶᠢᠨ ᠪᠣᠳᠣᠯᠭ᠎ᠠ ᠶᠢᠨ ᠳ᠋ᠣᠺᠲ᠋ᠣᠷᠠᠨᠲ ᠨᠣᠸᠠ ᠪᠧᠷᠧᠳ᠋ᠹᠤᠷᠳ᠋᠂ ᠡᠳ᠋ ᠦᠨ ᠵᠠᠰᠠᠭ ᠤᠨ ᠤᠬᠠᠭᠠᠨ ᠤ ᠳ᠋ᠣᠺᠲ᠋ᠣᠷᠠᠨᠲ ᠤᠯᠢᠸᠢᠶᠠ ᠮᠠᠷᠲ᠋ᠢᠨ᠂ ᠠᠨᠠᠭᠠᠬᠤ ᠤᠬᠠᠭᠠᠨ ᠤ ᠳ᠋ᠣᠺᠲ᠋ᠣᠷᠠᠨᠲ ᠪᠤᠮᠮᠢ ᠹᠠᠷᠢᠺᠧ᠂  ᠪᠢᠽᠢᠨᠧᠰ ᠦᠨ ᠤᠳᠤᠷᠢᠳᠤᠯᠭ᠎ᠠ ᠶᠢᠨ ᠮᠠᠭᠢᠰᠲ᠋ᠷᠠᠨᠲ ᠺᠣᠷᠲᠨᠢ ᠪᠶᠤᠶᠢᠷᠲ᠋ᠣᠨ᠂ ᠬᠦᠷᠲᠡᠭᠡᠮᠵᠢᠲᠡᠢ ᠡᠷᠡᠭᠦᠯ ᠮᠡᠨᠳᠦ ᠶᠢᠨ ᠦᠢᠯᠡᠴᠢᠯᠡᠭᠡᠨ ᠦ ᠲᠥᠯᠥᠭᠡ ᠰᠢᠨ᠎ᠡ ᠲᠧᠭᠨᠣᠯᠣᠭᠢ᠂ ᠰᠠᠨᠠᠭᠠᠴᠢᠯᠭ᠎ᠠ ᠶᠢ ᠡᠷᠢᠯᠬᠢᠯᠡᠭᠴᠢ᠂ ᠪᠢᠽᠢᠨᠧᠰ ᠦᠨ ᠤᠳᠤᠷᠢᠳᠤᠯᠭ᠎ᠠ ᠶᠢᠨ ᠮᠠᠭᠢᠰᠲ᠋ᠷᠠᠨᠲ ᠷᠠᠭᠠᠪ  ᠮᠠᠨᠢᠮᠠᠷᠠᠨ᠂ ᠰᠢᠨ᠎ᠡ ᠦᠶ᠎ᠡ ᠶᠢᠨ ᠬᠢᠨ ᠳᠦ ᠡᠭᠡᠯᠢᠲᠡᠢ ᠪᠣᠯᠪᠠᠰᠤᠷᠠᠯ ᠤᠨ ᠪᠣᠯᠤᠨ ᠰᠢᠨᠵᠢᠯᠡᠬᠦ ᠤᠬᠠᠭᠠᠨ ᠤ ᠡᠺᠣ ᠰᠢᠰᠲ᠋ᠧᠮ ᠢ ᠪᠦᠷᠢᠳᠦᠭᠦᠯᠬᠦ ᠶᠢ ᠡᠷᠡᠮᠡᠯᠵᠡᠳᠡᠭ ᠰᠶᠠᠮᠠᠨᠲ᠋ᠠᠺ ᠫᠠᠶᠠᠷ ᠭᠡᠬᠦᠴᠢᠯᠡᠨ ᠰᠠᠯᠪᠤᠷᠢ ᠪᠦᠷᠢ ᠳᠦ ᠮᠠᠩᠯᠠᠶᠢᠯᠠᠭᠰᠠᠨ ᠵᠠᠯᠠᠭᠤ ᠰᠤᠳᠤᠯᠤᠭᠠᠴᠢᠳ ᠪᠠᠭᠲᠠᠭᠰᠠᠨ ᠶᠤᠮ᠃
ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ ᠤᠶᠤᠲᠠᠳ ᠲᠤ ᠬᠠᠨᠳᠤᠨ᠂ ᠮᠡᠳᠡᠯᠭᠡ ᠶᠢᠨ ᠡᠳ᠋ ᠦᠨ ᠵᠠᠰᠠᠭ ᠪᠣᠯ ᠠᠯᠢ ᠴᠤ ᠤᠯᠤᠰ ᠣᠷᠣᠨ ᠤ ᠬᠥᠭᠵᠢᠯ ᠦᠨ ᠬᠥᠰᠢᠭᠦᠷᠭᠡ ᠭᠡᠳᠡᠭ ᠢ ᠲᠣᠳᠣᠳᠬᠠᠭᠠᠳ ᠢᠨᠨᠣᠸᠠᠴ  ᠲᠤ ᠰᠠᠭᠤᠷᠢᠯᠠᠭᠰᠠᠨ ᠳᠡᠪᠰᠢᠯᠲᠡᠲᠦ ᠲᠧᠭᠨᠣᠯᠣᠭᠢ ᠶᠢ ᠨᠡᠪᠲᠡᠷᠡᠭᠦᠯᠵᠦ᠂ ᠢᠯᠡᠭᠦᠦ ᠡᠭᠡᠯᠢᠲᠡᠢ ᠨᠡᠶᠢᠭᠡᠮ᠂ ᠣᠷᠴᠢᠨ ᠢ ᠴᠣᠭᠴᠠᠯᠠᠭᠠᠬᠤ ᠶᠢᠨ ᠲᠤᠯᠠᠳᠠ ᠵᠠᠯᠠᠭᠤ ᠰᠤᠳᠤᠯᠤᠭᠠᠴᠢᠳ ᠤᠨ ᠬᠠᠮᠲᠤᠷᠠᠭᠰᠠᠨ ᠰᠤᠳᠤᠯᠭᠠᠨ ᠤ ᠠᠵᠢᠯ ᠤᠳ ᠢ ᠳᠡᠮᠵᠢᠨ ᠬᠡᠷᠡᠭᠵᠢᠭᠦᠯᠬᠦ ᠳᠦ ᠪᠡᠯᠡᠨ ᠭᠡᠳᠡᠭ ᠢᠶᠡᠨ ᠢᠯᠡᠷᠬᠡᠶᠢᠯᠡᠯ᠎ᠡ᠃

ᠰᠡᠳᠬᠢᠭᠳᠡᠯ ᠦᠯᠡᠳᠡᠭᠡᠬᠦ