ᠪ ∙ ᠲᠡᠷᠭᠡᠯ ᠸᠧᠨᠧᠼ ᠤᠨ ᠨᠠᠭᠠᠳᠤᠮ ᠤᠨ ᠰᠢᠯᠢᠳᠡᠭ ᠡᠷᠡᠭᠲᠡᠢ ᠵᠦᠴᠦᠭᠡᠴᠢᠨ ᠢᠶᠡᠷ ᠰᠢᠯᠭᠠᠷᠠᠵᠠᠢ | News.MN

ᠪ ∙ ᠲᠡᠷᠭᠡᠯ ᠸᠧᠨᠧᠼ ᠤᠨ ᠨᠠᠭᠠᠳᠤᠮ ᠤᠨ ᠰᠢᠯᠢᠳᠡᠭ ᠡᠷᠡᠭᠲᠡᠢ ᠵᠦᠴᠦᠭᠡᠴᠢᠨ ᠢᠶᠡᠷ ᠰᠢᠯᠭᠠᠷᠠᠵᠠᠢ

ᠸᠧᠨᠧᠼ ᠤᠨ ᠣᠯᠠᠨ ᠤᠯᠤᠰ ᠤᠨ ᠨᠠᠶᠠᠳᠠᠬᠢ ᠤᠳᠠᠭ᠎ᠠ ᠶᠢᠨ ᠺᠢᠨᠣ᠋ ᠨᠠᠭᠠᠳᠤᠮ ᠤᠨ︽ᠣᠷᠢᠽᠣᠨᠲ᠋ᠢ︾ᠬᠡᠰᠡᠭ ᠦᠨ ᠰᠢᠯᠢᠳᠡᠭ ᠡᠷᠡᠭᠲᠡᠢ  ᠵᠦᠴᠦᠭᠡᠴᠢᠨ ᠢᠶᠡᠷ 《ᠰᠡᠷ ᠰᠡᠷ ᠰᠠᠯᠬᠢ》ᠤᠷᠠᠨ ᠰᠠᠶᠢᠬᠠᠨ ᠤ ᠺᠢᠨᠤ᠋ ᠶᠢᠨ ᠭᠣᠣᠯ ᠳᠦᠷᠢ ᠶᠢ ᠪᠦᠲᠦᠭᠡᠭᠰᠡᠨ ᠪ∙ᠲᠡᠷᠭᠡᠯ ᠰᠢᠯᠭᠠᠷᠠᠵᠠᠢ᠃ ᠸᠧᠨᠧᠼ ᠤᠨ ᠺᠢᠨᠣ᠋ ᠨᠠᠭᠠᠳᠤᠮ ᠢ ᠨᠠᠢ᠌ᠮᠠᠳᠤᠭᠠᠷ ᠰᠠᠷ᠎ᠠ ᠶᠢᠨ ᠭᠤᠴᠢᠨ ᠠᠴᠠ ᠶᠢᠰᠦᠳᠦᠭᠡᠷ ᠰᠠᠷ᠎ᠠ ᠶᠢᠨ ᠶᠢᠰᠦᠨ ᠦ ᠡᠳᠦᠷ ᠦᠳ ᠲᠦ ᠢᠲ᠋ᠠᠯᠢ ᠤᠯᠤᠰ ᠲᠤ ᠵᠣᠬᠢᠶᠠᠨ ᠪᠠᠶᠢᠭᠤᠯᠤᠭᠰᠠᠨ᠃

ᠺᠢᠨᠣ᠋ ᠨᠠᠭᠠᠳᠤᠮ ᠤᠨ ᠬᠥᠲᠥᠯᠪᠦᠷᠢ ᠣᠯᠠᠨ ᠤᠯᠤᠰ ᠤᠨ ᠤᠷᠤᠯᠳᠤᠭᠠᠨ ᠳᠤ᠂ ᠵᠠᠯᠠᠭᠤ ᠤᠷᠠᠨ ᠪᠦᠲᠦᠭᠡᠯᠴᠢᠳ ᠢ ᠳᠡᠮᠵᠢᠳᠡᠭ︽ᠣᠷᠢᠽᠣᠨᠲ᠋ᠢ︾ᠬᠡᠰᠡᠭ ᠲᠦ ᠮᠣᠩᠭᠣᠯ᠂ ᠲᠦᠷᠺ᠂ ᠮᠧᠺᠰᠢᠺᠦ᠂ ᠢᠲ᠋ᠠᠯᠢ ᠂ ᠢᠰᠫᠠᠨᠢ᠂ ᠪᠧᠯᠭᠢ᠂ ᠲᠦᠨᠢᠰ᠂ ᠨᠧᠫᠠᠯ᠂ ᠰᠷᠢᠯᠠᠨᠺ᠂ ᠰᠸᠧᠧᠳ᠋ᠸᠨ᠂  ᠬᠤᠯᠯᠠᠨᠳ᠋᠂ ᠠᠮᠧᠷᠢᠺᠠ ᠂ ᠰᠸᠢᠰ᠂  ᠷᠤᠮᠠᠨᠢ᠂ ᠪᠷᠠᠽᠢᠯ᠂ ᠭᠷᠦ᠋ᠽᠢᠶᠠ᠂ ᠫᠤᠷᠲ᠋ᠦ᠋ᠭᠠᠯ᠂ ᠶᠠᠫᠣᠨ ᠵᠡᠷᠭᠡ 20 ᠭᠠᠷᠤᠢ ᠣᠯᠠᠨ ᠤᠯᠤᠰ ᠤᠨ ᠬᠠᠮᠲᠤᠷᠠᠭᠰᠠᠨ 18 ᠪᠦᠲᠦᠭᠡᠯ ᠰᠣᠩᠭᠣᠭᠳᠠᠨ ᠣᠷᠣᠯᠴᠠᠵᠤ᠂ ᠨᠠᠭᠠᠳᠤᠮ ᠤᠨ ᠳᠡᠭᠡᠳᠦ ᠱᠠᠩᠨᠠᠯ ᠪᠣᠯᠬᠤ 《ᠠᠯᠲᠠᠨ ᠠᠷᠰᠯᠠᠨ》  ᠤ ᠲᠥᠯᠥᠭᠡ ᠥᠷᠢᠰᠦᠯᠳᠦᠭᠰᠡᠨ ᠪᠠᠶᠢᠨ᠎ᠠ᠃《ᠰᠡᠷ ᠰᠡᠷ ᠰᠠᠯᠬᠢ》 ᠪᠦᠲᠦᠭᠡᠯ ᠢ ᠨᠠᠭᠠᠳᠤᠮ ᠤᠨ ᠦᠶ᠎ᠡ ᠪᠡᠷ ᠨᠡᠶᠢᠲᠡ ᠲᠠᠪᠤᠨ ᠤᠳᠠᠭ᠎ᠠ ᠲᠣᠯᠢᠯᠠᠭᠤᠯᠵᠤ᠂ 8000 ᠭᠠᠷᠤᠢ ᠦᠵᠡᠭᠴᠢᠳ ᠲᠦ ᠬᠦᠷᠭᠡᠵᠡᠢ᠃

ᠰᠡᠳᠬᠢᠭᠳᠡᠯ ᠦᠯᠡᠳᠡᠭᠡᠬᠦ