《ᠴᠢᠩᠭᠢᠰ ᠬᠠᠭᠠᠨ》ᠴᠣᠮᠣ ᠤᠯᠠᠨ ᠤᠯᠤᠰ ᠦᠨ ᠲᠣᠭᠣᠭᠠᠴᠢ ᠨᠠᠷ ᠤᠨ ᠲᠡᠮᠡᠴᠡᠭᠡᠨ ᠡᠬᠢᠯᠡᠯ᠎ᠡ | News.MN

《ᠴᠢᠩᠭᠢᠰ ᠬᠠᠭᠠᠨ》ᠴᠣᠮᠣ ᠤᠯᠠᠨ ᠤᠯᠤᠰ ᠦᠨ ᠲᠣᠭᠣᠭᠠᠴᠢ ᠨᠠᠷ ᠤᠨ ᠲᠡᠮᠡᠴᠡᠭᠡᠨ ᠡᠬᠢᠯᠡᠯ᠎ᠡ

《ᠴᠢᠩᠭᠢᠰ ᠬᠠᠭᠠᠨ》ᠴᠣᠮᠣ – 2023 ᠠᠷᠭ᠎ᠠ ᠬᠡᠮᠵᠢᠶᠡᠨ ᠦ ᠬᠦᠷᠢᠶᠡᠨ ᠳᠦ Misheel Walking Street  ᠲᠤ ᠮᠣᠩᠭᠣᠯ ᠤᠨ ᠬᠠᠮᠤᠭ ᠤᠨ ᠲᠣᠮᠣ ᠬᠣᠭᠣᠯᠠᠨ ᠤ ᠪᠠᠶᠠᠷ STREET FOOD FESTIVAL ᠶᠢᠰᠦᠳᠦᠭᠡᠷ ᠰᠠᠷ᠎ᠠ ᠶᠢᠨ 13-16  ᠤ ᠡᠳᠦᠷ ᠦᠳ ᠲᠦ ᠪᠤᠯᠵᠤ ᠪᠠᠶᠢᠨ᠎ᠠ᠃
ᠡᠨᠡ ᠬᠦ ᠠᠷᠭ᠎ᠠ ᠬᠡᠮᠵᠢᠶᠡᠨ ᠳᠦ ᠬᠦᠷᠦᠯᠴᠡᠨ ᠢᠷᠡᠭᠰᠡᠨ ᠢᠶᠡᠷ 16 ᠤᠯᠤᠰ ᠤᠨ 200 ᠭᠠᠷᠤᠢ ᠳᠡᠯᠡᠬᠡᠢ ᠶᠢᠨ ᠰᠢᠯᠢᠳᠡᠭ ᠲᠣᠭᠣᠭᠠᠴᠢ ᠨᠠᠷ ᠤᠨ ᠠᠯᠲᠠᠨ ᠴᠣᠮᠣ ᠶᠢᠨ ᠲᠥᠯᠦᠭᠡᠬᠢ ᠱᠤᠸᠤ᠋ ᠲᠡᠮᠡᠴᠡᠭᠡᠨ ᠢ ᠦᠵᠡᠵᠦ᠂ 20 ᠭᠠᠷᠤᠢ ᠷᠧᠰᠲ᠋ᠣᠷᠠᠨ ᠤ 40 ᠭᠠᠷᠤᠢ ᠲᠥᠷᠥᠯ ᠦᠨ ᠠᠮᠲᠠᠲᠤ  ᠬᠤᠭᠤᠯᠠ ᠨᠤᠭᠤᠳ ᠢ ᠶᠡᠷᠦ ᠳᠡᠭᠡᠨ 8-10 ᠮᠢᠩᠭᠠᠨ ᠲᠥᠭᠥᠷᠢᠭ ᠢᠶᠡᠷ ᠪᠣᠯᠤᠨ ᠳᠡᠯᠡᠬᠡᠢ ᠳᠦ ᠠᠯᠳᠠᠷᠲᠠᠢ ᠲᠠᠪᠤᠨ ᠲᠥᠷᠥᠯ ᠦᠨ ᠰᠢᠷ᠎ᠠ ᠠᠶᠢᠷᠠᠭ ᠤᠳ ᠢ 6-8 ᠮᠢᠩᠭᠠᠨ ᠲᠥᠭᠥᠷᠢᠭ ᠢᠶᠡᠷ ᠠᠮᠲᠠᠯᠠᠵᠤ ᠪᠤᠯᠤᠨ᠎ᠠ᠃ ᠮᠥᠨ ARTGER ᠪᠣᠯᠤᠨ ᠮᠣᠩᠭᠣᠯ ᠤᠨ ᠲᠣᠭᠣᠭᠠᠴᠢ ᠨᠠᠷ ᠤᠨ ᠬᠣᠯᠪᠣᠭᠠᠨ ᠠᠴᠠ 《Mongolian barbeque》᠂ ᠦᠨᠳᠦᠰᠦᠨ ᠦ ᠤᠯᠠᠮᠵᠢᠯᠠᠯᠲᠤ ᠥᠪ ᠰᠤᠶᠤᠯ ᠬᠣᠭᠣᠯᠠᠨ ᠤ ᠦᠵᠡᠰᠬᠦᠯᠡᠩ ᠢ ᠵᠣᠬᠢᠶᠠᠨ ᠪᠠᠶᠢᠭᠤᠯᠵᠤ ᠪᠠᠶᠢᠨ᠎ᠠ᠃

ᠰᠡᠳᠬᠢᠭᠳᠡᠯ ᠦᠯᠡᠳᠡᠭᠡᠬᠦ