《ᠨᠤᠷᠪᠧᠷᠭᠧᠨ》ᠬᠣᠷᠰᠢᠶ᠎ᠠ ᠡᠳ᠋ ᠦᠨ ᠰᠠᠪᠤᠩ ᠦᠢᠯᠡᠳᠪᠦᠷᠢᠯᠡᠵᠦ ᠪᠠᠶᠢᠨ᠎ᠠ | News.MN

《ᠨᠤᠷᠪᠧᠷᠭᠧᠨ》ᠬᠣᠷᠰᠢᠶ᠎ᠠ ᠡᠳ᠋ ᠦᠨ ᠰᠠᠪᠤᠩ ᠦᠢᠯᠡᠳᠪᠦᠷᠢᠯᠡᠵᠦ ᠪᠠᠶᠢᠨ᠎ᠠ

ᠪᠠᠶᠠᠨ-ᠥᠯᠥᠭᠡᠢ ᠠᠶᠢᠮᠠᠭ ᠤᠨ ᠤᠯᠠᠭᠠᠨᠬᠤᠰᠤ ᠰᠤᠮᠤ ᠶᠢᠨ 《ᠨᠤᠷᠪᠧᠷᠭᠧᠨ》ᠬᠣᠷᠰᠢᠶ᠎ᠠ ᠥᠨᠥᠳᠥᠷ ᠥᠯᠥᠭᠡᠢ ᠬᠣᠲᠠ ᠶᠢᠨ ᠲᠥᠪ ᠲᠠᠯᠠᠪᠠᠢ ᠳᠤ ᠪᠣᠯᠤᠭᠰᠠᠨ 《ᠬᠥᠳᠡᠭᠡ ᠠᠵᠤ ᠠᠬᠤᠢ ᠶᠢᠨ ᠦᠢᠯᠡᠳᠪᠦᠷᠢᠯᠡᠯ-2023》 ᠦᠵᠡᠰᠬᠦᠯᠡᠩ ᠳᠦ ᠥᠪᠡᠷᠰᠡᠳ ᠦᠨ ᠦᠢᠯᠡᠳᠪᠦᠷᠢᠯᠡᠭᠰᠡᠨ ᠡᠳ᠋  ᠦᠨ ᠰᠠᠪᠤᠩ ᠢᠶᠠᠨ ᠲᠠᠨᠢᠯᠴᠠᠭᠤᠯᠤᠯ᠎ᠠ᠃ ᠲᠤᠰ ᠬᠣᠷᠰᠢᠶ᠎ᠠ ᠨᠢ 2022 ᠣᠨ ᠠᠴᠠ ᠡᠳ᠋  ᠦᠨ ᠰᠠᠪᠤᠩ ᠦᠢᠯᠡᠳᠪᠦᠷᠢᠯᠡᠵᠦ ᠵᠠᠬ᠎ᠠ ᠵᠡᠭᠡᠯᠢ ᠳᠦ ᠪᠣᠷᠣᠯᠠᠭᠤᠯᠵᠤ ᠡᠬᠢᠯᠡᠵᠡᠢ᠃ ᠰᠠᠪᠤᠩ ᠤᠨ ᠦᠨᠳᠦᠰᠦᠨ ᠲᠦᠭᠦᠬᠡᠢ ᠡᠳ᠋ ᠨᠢ ᠣᠷᠣᠨ ᠨᠤᠲᠤᠭ ᠤᠨ ᠬᠣᠨᠢ᠂ ᠢᠮᠠᠭᠠᠨ ᠤ ᠥᠭᠡᠬᠦ ᠲᠣᠰᠣ  ᠪᠠ ᠱᠦᠯᠲᠦ᠂ ᠰᠤᠳᠠ ᠵᠡᠷᠭᠡ ᠨᠡᠮᠡᠯᠲᠡ ᠪᠦᠲᠦᠭᠡᠭᠳᠡᠬᠦᠨ ᠨᠦᠭᠦᠳ ᠢ ᠨᠢ ᠤᠯᠠᠭᠠᠨᠪᠠᠭᠠᠲᠤᠷ ᠬᠣᠲᠠ ᠠᠴᠠ ᠲᠠᠲᠠᠨ ᠠᠪᠴᠤ ᠪᠠᠶᠢᠭ᠎ᠠ ᠠᠵᠠᠢ᠃

《ᠮᠠᠨ ᠤ ᠬᠣᠷᠰᠢᠶ᠎ᠠ ᠰᠤᠮᠤ ᠬᠥᠭᠵᠢᠭᠦᠯᠬᠦ ᠰᠠᠩ ᠠᠴᠠ 6 ᠰᠠᠶ᠎ᠠ ᠲᠥᠭᠥᠷᠢᠭ ᠦᠨ ᠰᠠᠩᠬᠦᠦᠵᠢᠯᠲᠡ ᠠᠪᠴᠤ᠂ ᠰᠠᠪᠤᠩ ᠦᠢᠯᠡᠳᠪᠦᠷᠢᠯᠡᠵᠦ ᠡᠬᠢᠯᠡᠭᠰᠡᠨ᠃ ᠣᠳᠣ ᠶᠢᠨ ᠪᠠᠶᠢᠳᠠᠯ ᠢᠶᠠᠷ ᠰᠠᠷ᠎ᠠ ᠳᠤ 2000 ᠰᠢᠷᠬᠡᠭ ᠰᠠᠪᠤᠩ ᠦᠢᠯᠡᠳᠪᠦᠷᠢᠯᠡᠵᠦ᠂ ᠣᠷᠣᠨ ᠨᠤᠲᠤᠭ ᠤᠨ ᠵᠠᠬ᠎ᠠ ᠵᠡᠭᠡᠯᠢ ᠳᠦ ᠪᠣᠷᠣᠯᠠᠭᠤᠯᠳᠠᠭ᠃ ᠨᠤᠲᠤᠭ ᠤᠨ ᠢᠷᠭᠡᠳ ᠰᠠᠶᠢᠨ ᠬᠦᠯᠢᠶᠡᠨ ᠠᠪᠴᠤ ᠪᠠᠶᠢᠭ᠎ᠠ᠃ ᠭᠠᠳᠠᠭᠠᠳᠤ ᠶᠢᠨ ᠵᠢᠭᠤᠯᠴᠢᠳ ᠴᠤ ᠬᠤᠳᠠᠯᠳᠤᠵᠤ ᠠᠪᠳᠠᠭ᠃ ᠠᠶᠢᠮᠠᠭ ᠤᠨ ᠲᠥᠪ ᠦᠨ ᠵᠠᠬ᠎ᠠ᠂ ᠳᠡᠯᠭᠡᠭᠦᠷ ᠦᠳ ᠲᠦ ᠪᠦᠭᠡᠮ ᠦ ᠦᠨ᠎ᠡ ᠪᠡᠷ ᠨᠡᠶᠢᠯᠡᠭᠦᠯᠵᠦ᠂ ᠪᠤᠰᠤᠳ ᠲᠥᠷᠥᠯ ᠦᠨ ᠪᠠᠷᠠᠭ᠎ᠠ ᠪᠠᠷ ᠴᠤ ᠰᠣᠯᠢᠳᠠᠭ᠃ ᠪᠣᠷᠣᠯᠠᠭᠤᠯᠤᠯᠲᠠ ᠲᠣᠭᠲᠠᠮᠠᠯᠵᠢᠭᠰᠠᠨ᠂ ᠣᠳᠣ ᠪᠠᠷ 1-2 ᠬᠦᠮᠦᠨ ᠢ ᠠᠵᠢᠯ ᠤᠨ ᠪᠠᠶᠢᠷᠢ ᠪᠠᠷ ᠬᠠᠩᠭᠠᠵᠤ ᠪᠠᠶᠢᠨ᠎ᠠ》 ᠬᠡᠮᠡᠨ ᠲᠤᠰ ᠬᠣᠷᠰᠢᠶᠠᠨ ᠤ ᠵᠠᠬᠢᠷᠤᠯ ᠮ ∙ ᠲᠥᠺᠧᠨ ᠬᠡᠯᠡᠪᠡ

ᠰᠡᠳᠬᠢᠭᠳᠡᠯ ᠦᠯᠡᠳᠡᠭᠡᠬᠦ