ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠪᠦᠭᠦᠳᠡ ᠨᠠᠶᠢᠷᠠᠮᠳᠠᠬᠤ ᠺᠦᠪᠠ ᠤᠯᠤᠰ ᠲᠤ ᠪᠣᠯᠬᠤ ᠬᠥᠭᠵᠢᠵᠦ ᠪᠤᠢ ᠣᠷᠣᠨ ᠨᠤᠭᠤᠳ ᠤᠨ 77 ᠶᠢᠨ ᠪᠦᠯᠦᠭ ᠦᠨ ᠳᠡᠭᠡᠳᠦ ᠲᠦᠪᠰᠢᠨ ᠦ ᠠᠭᠤᠯᠵᠠᠯᠲᠠ ᠳᠤ ᠣᠷᠣᠯᠴᠠᠬᠤ ᠪᠠᠷ ᠲᠤᠰ ᠤᠯᠤᠰ ᠲᠤ ᠤᠴᠢᠪᠠ᠃ ᠲᠡᠭᠦᠨ ᠢ ᠬᠠᠸᠠᠨᠠ ᠬᠣᠲᠠ ᠶᠢᠨ ᠨᠢᠰᠬᠦ ᠣᠩᠭᠣᠴᠠᠨ ᠤ ᠪᠠᠭᠤᠳᠠᠯ ᠳᠤ ᠮᠣᠩᠭᠣᠯ ᠤᠯᠤᠰ ᠠᠴᠠ ᠪᠦᠭᠦᠳᠡ ᠨᠠᠶᠢᠷᠠᠮᠳᠠᠬᠤ ᠺᠦᠪᠠ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠰ∙ᠵᠣᠯᠵᠢᠷᠭᠠᠯ᠂ ᠪᠦᠭᠦᠳᠡ ᠨᠠᠶᠢᠷᠠᠮᠳᠠᠬᠤ ᠺᠦᠪᠠ ᠤᠯᠤᠰ ᠤᠨ ᠠᠵᠤ ᠦᠢᠯᠡᠳᠪᠦᠷᠢ ᠶᠢᠨ ᠰᠠᠶᠢᠳ ᠡᠯᠤᠢ ᠠᠯᠪᠠᠷᠧᠽ ᠮᠠᠷᠲ᠋ᠢᠨᠧᠽ ᠨᠠᠷ ᠤᠭᠲᠤᠨ ᠠᠪᠤᠪᠠ᠃
ᠮᠦᠨ ᠡᠳᠦᠷ ᠲᠡᠷᠡ ᠲᠤᠰ ᠤᠯᠤᠰ ᠤᠨ ᠶᠡᠷᠦᠩᠬᠡᠶᠢᠯᠡᠭᠴᠢ ᠮᠢᠭᠧᠯ ᠮᠠᠷᠢᠶᠤ᠋ ᠳ᠋ᠢᠶᠠᠽ- ᠺᠠᠨᠧᠯ ᠪᠧᠷᠮᠤᠳᠧᠽ ᠲᠠᠢ ᠠᠭᠤᠯᠵᠠᠵᠤ᠂ ᠺᠦᠪᠠ ᠤᠯᠤᠰ 77 ᠶᠢᠨ ᠪᠦᠯᠦᠭ ᠢ 2023 ᠣᠨ ᠳᠤ ᠳᠠᠷᠤᠭᠠᠯᠠᠵᠤ᠂ ᠰᠢᠨᠵᠢᠯᠡᠬᠦ ᠤᠬᠠᠭᠠᠨ᠂ ᠲᠧᠭᠨᠣᠯᠣᠭᠢ᠂ ᠢᠨᠨᠤᠸᠠᠼ ᠤᠨ ᠲᠤᠬᠠᠢ ᠳᠡᠭᠡᠳᠦ ᠲᠦᠪᠰᠢᠨ ᠦ ᠠᠭᠤᠯᠵᠠᠯᠲᠠ ᠶᠢ ᠵᠣᠬᠢᠶᠠᠨ ᠪᠠᠶᠢᠭᠤᠯᠵᠤ ᠪᠤᠢ ᠳᠤ ᠪᠠᠶᠠᠷ ᠬᠦᠷᠭᠡᠪᠡ᠃
ᠬᠣᠶᠠᠷ ᠤᠯᠤᠰ ᠤᠨ ᠲᠥᠷᠥ ᠶᠢᠨ ᠲᠡᠷᠢᠭᠦᠨ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ᠂ ᠲᠡᠷᠡ ᠳᠤᠮᠳᠠ ᠪᠠᠨ ᠠᠨᠠᠭᠠᠬᠤ ᠤᠬᠠᠭᠠᠨ᠂ ᠪᠢᠣᠲ᠋ᠧᠭᠨᠣᠯᠣᠭᠢ᠂ ᠰᠤᠶᠤᠯ᠂ ᠪᠣᠯᠪᠠᠰᠤᠷᠠᠯ᠂ ᠬᠥᠳᠡᠭᠡ ᠠᠵᠤ ᠠᠬᠤᠢ᠂ ᠪᠢᠣᠯᠣᠭᠢ ᠶᠢᠨ ᠪᠣᠯᠤᠨ ᠪᠠᠢᠭᠠᠯᠢ ᠶᠢᠨ ᠭᠠᠷᠤᠯ ᠲᠠᠢ ᠪᠦᠲᠦᠭᠡᠭᠳᠡᠬᠦᠨ᠂ ᠪᠡᠶ᠎ᠡ ᠶᠢᠨ ᠲᠠᠮᠢᠷ᠂ ᠰᠫᠣᠷᠲ ᠵᠡᠷᠭᠡ ᠰᠠᠯᠪᠤᠷᠢ ᠶᠢᠨ ᠬᠠᠷᠢᠯᠴᠠᠭ᠎ᠠ ᠶᠢ ᠥᠷᠭᠡᠵᠢᠭᠦᠯᠦᠨ ᠬᠥᠭᠵᠢᠭᠦᠯᠬᠦ᠂ ᠣᠶᠤᠲᠠᠨ ᠰᠣᠯᠢᠯᠴᠠᠭ᠎ᠠ ᠶᠢ ᠨᠡᠮᠡᠭᠳᠡᠭᠦᠯᠬᠦ ᠪᠣᠯᠤᠨ ᠬᠠᠷᠢᠯᠴᠠᠨ ᠰᠣᠨᠢᠷᠬᠠᠭᠰᠠᠨ ᠪᠤᠰᠤᠳ ᠠᠰᠠᠭᠤᠳᠠᠯ ᠢᠶᠠᠷ ᠶᠠᠷᠢᠯᠴᠠᠪᠠ᠃