ᠪ ∙ ᠲᠤᠩᠭᠠᠯᠠᠭ ᠬᠦᠨᠳᠦ ᠶᠢᠨ ᠡᠷᠭᠦᠯᠲᠡ ᠶᠢᠨ ᠳᠡᠯᠡᠬᠡᠢ ᠶᠢᠨ ᠲᠡᠮᠡᠴᠡᠭᠡᠨ ᠳᠦ ᠨᠠᠢᠮᠠᠳᠤᠭᠠᠷ ᠪᠠᠶᠢᠷᠢ ᠳᠤ ᠤᠷᠤᠪᠠ | News.MN

ᠪ ∙ ᠲᠤᠩᠭᠠᠯᠠᠭ ᠬᠦᠨᠳᠦ ᠶᠢᠨ ᠡᠷᠭᠦᠯᠲᠡ ᠶᠢᠨ ᠳᠡᠯᠡᠬᠡᠢ ᠶᠢᠨ ᠲᠡᠮᠡᠴᠡᠭᠡᠨ ᠳᠦ ᠨᠠᠢᠮᠠᠳᠤᠭᠠᠷ ᠪᠠᠶᠢᠷᠢ ᠳᠤ ᠤᠷᠤᠪᠠ

ᠬᠦᠨᠳᠦ ᠶᠢᠨ ᠡᠷᠭᠦᠯᠲᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠰᠠᠦ᠋ᠳᠢ ᠶᠢᠨ ᠠᠷᠠᠪ ᠤᠯᠤᠰ ᠲᠤ ᠪᠣᠯᠵᠤ ᠪᠠᠶᠢᠨ᠎ᠠ᠃ ᠡᠨᠡ ᠤᠳᠠᠭ᠎ᠠ ᠶᠢᠨ ᠲᠡᠮᠡᠴᠡᠭᠡᠨ ᠳᠦ《ᠫᠠᠷᠢᠰ 2024》ᠵᠤᠨ ᠤ ᠣᠯᠢᠮᠫ ᠤᠨ ᠨᠠᠭᠠᠳᠤᠮ ᠤᠨ ᠡᠷᠬᠡ ᠣᠯᠭᠣᠭᠳᠠᠵᠤ ᠪᠠᠶᠢᠭ᠎ᠠ ᠪᠠᠷ ᠣᠨᠴᠠᠯᠢᠭ ᠲᠠᠢ᠃

ᠮᠠᠨ ᠤ ᠲᠠᠮᠢᠷᠴᠢᠳ ᠠᠴᠠ ᠪ ∙ ᠲᠤᠩᠭᠠᠯᠠᠭ 65 ᠲᠠᠮᠢᠷᠴᠢᠨ ᠠᠴᠠ ᠲᠦᠯᠬᠢᠯᠲᠡ ᠲᠡᠢ ᠡᠷᠭᠦᠯᠲᠡ ᠪᠡᠷ 78 ᠺᠢᠯᠦᠭᠷᠡᠮ ᠵᠢᠩ ᠢ ᠡᠷᠭᠦᠵᠦ  ᠨᠠᠢ᠌ᠮᠠᠳᠤᠭᠠᠷ ᠪᠠᠶᠢᠷᠢ ᠳᠤ ᠤᠷᠤᠪᠠ᠃ ᠬᠠᠷᠢᠨ ᠥ᠊∙ᠴᠠᠩᠨᠠᠳᠤᠷᠵᠢ ᠨᠡᠶᠢᠯᠡᠪᠦᠷᠢ ᠳ᠋ᠦᠩ ᠢᠶᠡᠷ 236 ᠺᠢᠯᠦᠭᠷᠡᠮ ᠡᠷᠭᠦᠵᠦ᠂ ᠵᠢᠩ ᠦᠨ ᠢᠶᠡᠨ 《ᠸ》ᠬᠡᠰᠡᠭ ᠲᠦ ᠳᠥᠷᠪᠡᠳᠦᠭᠡᠷ ᠪᠠᠶᠢᠷᠢ ᠡᠵᠡᠯᠡᠭᠰᠡᠨ᠃ ᠮᠥᠨ ᠤ᠊∙ᠠᠮᠤᠷᠪᠠᠶᠠᠷ ᠨᠡᠶᠢᠯᠡᠪᠦᠷᠢ ᠳ᠋ᠦᠩ ᠢᠶᠡᠷ 240  ᠺᠢᠯᠦᠭᠷᠡᠮ ᠡᠷᠭᠦᠵᠦ ᠬᠡᠰᠡᠭ ᠦᠨ ᠢᠶᠡᠨ ᠵᠢᠷᠭᠤᠳᠤᠭᠠᠷ ᠪᠠᠶᠢᠷᠢ ᠳᠤ ᠰᠢᠯᠭᠠᠷᠠᠯ᠎ᠠ᠃

ᠰᠡᠳᠬᠢᠭᠳᠡᠯ ᠦᠯᠡᠳᠡᠭᠡᠬᠦ