《ᠬᠡᠶᠢᠮᠣᠷᠢ》ᠮᠣᠷᠢᠲᠤ ᠬᠠᠷᠪᠤᠭᠠᠨ ᠤ ᠣᠯᠠᠨ ᠤᠯᠤᠰ ᠤᠨ ᠨᠡᠭᠡᠭᠡᠯᠲᠡᠲᠡᠢ ᠨᠠᠭᠠᠳᠤᠮ ᠪᠣᠯᠤᠨ ᠣᠯᠠᠨ ᠤᠯᠤᠰ ᠤᠨ ᠮᠣᠷᠢᠲᠤ ᠬᠠᠷᠪᠤᠭᠠᠨ ᠤ ᠬᠣᠯᠪᠣᠭᠠᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠴᠢᠩᠭᠢᠰ ᠦᠨ ᠬᠦᠷᠢᠶᠡᠨ ᠳᠦ ᠪᠣᠯᠵᠤ ᠪᠠᠶᠢᠨ᠎ᠠ᠃ ᠨᠠᠭᠠᠳᠤᠮ ᠡᠨᠡ ᠰᠠᠷ᠎ᠠ ᠶᠢᠨ 01-10 ᠤ ᠡᠳᠦᠷ ᠦᠳ ᠲᠦ ᠵᠣᠬᠢᠶᠠᠨ ᠪᠠᠶᠢᠭᠤᠯᠤᠭᠳᠠᠵᠤ ᠪᠠᠶᠢᠭ᠎ᠠ ᠪᠥᠭᠡᠳ ᠬᠢᠲᠠᠳ᠂ ᠡᠮᠦᠨᠡᠲᠦ ᠰᠣᠯᠣᠩᠭᠣᠰ᠂ ᠠᠮᠧᠷᠢᠺᠠ᠂ ᠹᠷᠠᠨᠼᠢ᠂ ᠠᠦᠢᠰᠲᠷᠠᠯᠢᠶ᠎ᠠ᠂ ᠺᠠᠨᠠᠳᠠ᠂ ᠭᠧᠷᠮᠠᠨ᠂ ᠬᠠᠩᠭᠠᠷᠢ ᠵᠡᠷᠭᠡ ᠳᠡᠯᠡᠬᠡᠢ ᠶᠢᠨ 24 ᠣᠷᠣᠨ ᠤ 80 ᠭᠠᠷᠤᠢ ᠲᠠᠮᠢᠷᠴᠢᠨ ᠣᠷᠣᠯᠴᠠᠵᠤ ᠪᠠᠶᠢᠨ᠎ᠠ᠃ ᠲᠠᠮᠢᠷᠴᠢᠳ ᠲᠦᠷᠦᠭ ᠬᠠᠷᠪᠤᠭ᠎ᠠ᠂ ᠬᠠᠩᠭᠠᠷᠢ ᠬᠠᠷᠪᠤᠭ᠎ᠠ᠂ ᠫᠤᠯᠠᠨᠳ᠋ ᠬᠠᠷᠪᠤᠭ᠎ᠠ᠂ ᠠᠽᠢᠶ᠎ᠠ ᠬᠠᠷᠪᠤᠭ᠎ᠠ᠂ ᠮᠣᠩᠭᠣᠯ ᠪᠥᠮᠪᠥᠭᠡ ᠨᠠᠮᠨᠠᠭ᠎ᠠ ᠵᠡᠷᠭᠡ ᠲᠠᠪᠤᠨ ᠲᠥᠷᠥᠯ ᠳᠦ ᠬᠤᠷᠳᠤ ᠬᠦᠴᠦ᠂ ᠰᠡᠴᠡ ᠮᠡᠷᠭᠡᠨ ᠢᠶᠡᠨ ᠰᠣᠷᠢᠵᠤ ᠪᠠᠶᠢᠨ᠎ᠠ᠃
《ᠬᠡᠶᠢᠮᠣᠷᠢ》ᠣᠯᠠᠨ ᠤᠯᠤᠰ ᠤᠨ ᠮᠣᠷᠢᠲᠤ ᠬᠠᠷᠪᠤᠭᠠᠨ ᠤ ᠲᠡᠮᠡᠴᠡᠭᠡᠨ ᠢ 2019 ᠣᠨ ᠠᠴᠠ ᠡᠬᠢᠯᠡᠨ ᠵᠣᠬᠢᠶᠠᠨ ᠪᠠᠶᠢᠭᠤᠯᠵᠤ ᠢᠷᠡᠭᠰᠡᠨ ᠪᠥᠭᠡᠳ ᠡᠨᠡ ᠵᠢᠯ ᠮᠣᠩᠭᠣᠯ ᠤᠯᠤᠰ ᠠᠩᠬ᠎ᠠ ᠤᠳᠠᠭ᠎ᠠ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠬᠦᠯᠢᠶᠡᠨ ᠠᠪᠴᠤ ᠪᠠᠶᠢᠨ᠎ᠠ᠃ ᠮᠥᠨ ᠮᠣᠩᠭᠣᠯ ᠪᠥᠮᠪᠥᠭᠡ ᠨᠠᠮᠨᠠᠭ᠎ᠠ ᠲᠥᠷᠥᠯ ᠨᠢ ᠡᠨᠡ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠯᠪᠠᠨ ᠶᠣᠰᠣᠨ ᠤ ᠲᠥᠷᠥᠯ ᠪᠣᠯᠤᠨ ᠰᠢᠨ᠎ᠡ ᠪᠡᠷ ᠨᠡᠮᠡᠭᠳᠡᠵᠦ ᠪᠠᠶᠢᠭ᠎ᠠ ᠪᠠᠷ ᠢᠶᠠᠨ ᠣᠨᠴᠠᠯᠢᠭ ᠶᠤᠮ᠃