ᠮᠣᠩᠭᠣᠯ ᠤᠨ ᠮᠠᠷᠰ ᠰᠤᠳᠤᠯᠤᠭᠠᠴᠢᠳ ᠣᠯᠠᠨ ᠤᠯᠤᠰ ᠤᠨ ᠴᠢᠭᠤᠯᠭᠠᠨ ᠳᠤ ᠢᠯᠡᠳᠬᠡᠯ ᠲᠠᠯᠪᠢᠨ᠎ᠠ | News.MN

ᠮᠣᠩᠭᠣᠯ ᠤᠨ ᠮᠠᠷᠰ ᠰᠤᠳᠤᠯᠤᠭᠠᠴᠢᠳ ᠣᠯᠠᠨ ᠤᠯᠤᠰ ᠤᠨ ᠴᠢᠭᠤᠯᠭᠠᠨ ᠳᠤ ᠢᠯᠡᠳᠬᠡᠯ ᠲᠠᠯᠪᠢᠨ᠎ᠠ

《ᠠᠩᠭᠠᠷᠠᠭ ᠭᠠᠷᠠᠭ ᠤᠨ ᠨᠡᠶᠢᠭᠡᠮᠯᠢᠭ》 ᠦᠨ ᠮᠣᠩᠭᠣᠯ ᠳ᠋ᠡᠬᠢ ᠠᠯᠪᠠᠨ ᠶᠣᠰᠣᠨ ᠤ ᠰᠠᠯᠪᠤᠷᠢ MARS-V ᠲᠥᠰᠥᠯ ᠦᠨ ᠲᠥᠯᠥᠭᠡᠯᠡᠭᠴᠢᠳ ᠠᠷᠪᠠᠳᠤᠭᠠᠷ ᠰᠠᠷ᠎ᠠ ᠶᠢᠨ 5-8  ᠤ ᠬᠣᠭᠣᠷᠣᠨᠳᠣ ᠣᠯᠠᠨ ᠤᠯᠤᠰ ᠤᠨ ᠨᠡᠶᠢᠭᠡᠮᠯᠢᠭ ᠦᠨ 26  ᠳ᠋ᠤᠭᠠᠷ ᠤᠳᠠᠭ᠎ᠠ ᠶᠢᠨ ᠴᠢᠭᠤᠯᠭᠠᠨ ᠳᠤ ᠣᠷᠣᠯᠴᠠᠵᠤ᠂ ᠢᠯᠡᠳᠬᠡᠯ ᠲᠠᠯᠪᠢᠬᠤ ᠪᠣᠯᠵᠠᠢ᠃ ᠲᠤᠰ ᠴᠢᠭᠤᠯᠭᠠᠨ ᠨᠢ ᠠᠷᠢᠽᠣᠨᠠ ᠶᠢᠨ ᠶᠡᠬᠡ ᠰᠤᠷᠭᠠᠭᠤᠯᠢ ᠳᠤ ᠵᠣᠬᠢᠶᠠᠨ ᠪᠠᠶᠢᠭᠤᠯᠤᠭᠳᠠᠨ᠎ᠠ᠃
《MARS-V ᠲᠥᠰᠦᠯ ᠦᠨ ᠲᠥᠯᠦᠭᠡᠯᠡᠭᠴᠢᠳ ᠭᠣᠪᠢ ᠴᠥᠯ ᠳᠦ ᠰᠠᠭᠤᠷᠢᠯᠠᠭᠰᠠᠨ ᠠᠩᠭᠠᠷᠠᠭ ᠭᠠᠷᠠᠭ ᠤᠨ ᠠᠨᠠᠯᠣᠭ ᠰᠲ᠋ᠠᠨᠼ ᠤᠨ ᠲᠥᠯᠦᠪᠯᠡᠯᠲᠡ ᠶᠢᠨ ᠲᠠᠯ᠎ᠠ ᠪᠠᠷ ᠢᠯᠡᠳᠬᠡᠯ ᠲᠠᠯᠪᠢᠬᠤ ᠠᠴᠠ ᠭᠠᠳᠠᠨ᠎ᠠ ᠬᠠᠮᠤᠭ ᠤᠨ ᠰᠡᠭᠦᠯ ᠦᠨ ᠦᠶ᠎ᠡ ᠶᠢᠨ ᠲᠧᠭᠨᠢᠭ ᠦᠨ ᠬᠥᠭᠵᠢᠯ᠂ ᠮᠣᠳᠤᠯ ᠤᠨ ᠬᠥᠲᠦᠯᠪᠦᠷᠢ ᠶᠢᠨ ᠪᠣᠯᠪᠠᠰᠤᠷᠠᠭᠤᠯᠤᠯᠲᠠ ᠶᠢᠨ ᠲᠠᠯ᠎ᠠ ᠪᠠᠷ ᠶᠠᠷᠢᠯᠴᠠᠬᠤ ᠶᠤᠮ᠃ 《ᠠᠩᠭᠠᠷᠠᠭ ᠭᠠᠷᠠᠭ ᠤᠨ ᠨᠡᠶᠢᠭᠡᠮᠯᠢᠭ》 ᠪᠣᠯᠤᠨ 《MARS-V》 ᠲᠥᠰᠦᠯ ᠬᠣᠭᠣᠷᠣᠨᠳᠣ ᠶᠢᠨ ᠬᠠᠮᠲᠤ ᠶᠢᠨ ᠠᠵᠢᠯᠯᠠᠭ᠎ᠠ ᠥᠷᠭᠡᠵᠢᠨ ᠲᠡᠯᠡᠵᠦ ᠂ ᠮᠣᠩᠭᠣᠯ ᠤᠨ ᠰᠠᠨᠰᠠᠷ ᠰᠤᠳᠤᠯᠤᠯ᠂ ᠰᠢᠨᠵᠢᠯᠡᠬᠦ ᠤᠬᠠᠭᠠᠨ ᠤ ᠨᠡᠶᠢᠭᠡᠮᠯᠢᠭ ᠨᠢ ᠳᠤᠮᠳᠠᠭᠣᠪᠢ᠂ᠡᠮᠦᠨᠡᠭᠣᠪᠢ ᠵᠡᠷᠭᠡ ᠭᠠᠵᠠᠷ ᠲᠤ ᠠᠩᠭᠠᠷᠠᠭ ᠭᠠᠷᠠᠭ ᠤᠨ ᠠᠨᠠᠯᠣᠭ ᠰᠢᠮᠤᠯᠶᠠᠼ ᠤᠨ ᠰᠲ᠋ᠠᠨᠼ ᠪᠠᠷᠢᠬᠤ ᠪᠠᠷ ᠲᠥᠯᠦᠪᠯᠡᠵᠡᠢ᠃

ᠰᠡᠳᠬᠢᠭᠳᠡᠯ ᠦᠯᠡᠳᠡᠭᠡᠬᠦ