7 ᠮᠢᠩᠭᠠᠨ ᠭᠠ ᠲᠠᠯᠠᠪᠠᠢ ᠶᠢ ᠤᠰᠤᠯᠠᠯᠭ᠎ᠠ ᠲᠠᠢ ᠪᠣᠯᠭᠠᠬᠤ ᠪᠠᠷ ᠠᠵᠢᠯᠯᠠᠵᠤ ᠪᠠᠶᠢᠨ᠎ᠠ | News.MN

7 ᠮᠢᠩᠭᠠᠨ ᠭᠠ ᠲᠠᠯᠠᠪᠠᠢ ᠶᠢ ᠤᠰᠤᠯᠠᠯᠭ᠎ᠠ ᠲᠠᠢ ᠪᠣᠯᠭᠠᠬᠤ ᠪᠠᠷ ᠠᠵᠢᠯᠯᠠᠵᠤ ᠪᠠᠶᠢᠨ᠎ᠠ

ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠠᠽᠢᠶ᠎ᠠ ᠶᠢᠨ ᠬᠥᠭᠵᠢᠯ ᠦᠨ ᠪᠠᠩᠬᠢᠨ ᠤ ᠰᠠᠩᠬᠦᠦᠵᠢᠯᠲᠡ ᠪᠡᠷ 《ᠬᠦᠨᠡᠰᠦᠨ ᠦ ᠨᠣᠭᠣᠭᠠᠨ ᠤ ᠦᠢᠯᠡᠳᠪᠦᠷᠢᠯᠡᠯ ᠪᠠ ᠤᠰᠤᠯᠠᠯᠭ᠎ᠠ ᠲᠠᠢ ᠬᠥᠳᠡᠭᠡ ᠠᠵᠤ ᠠᠬᠤᠢ》ᠲᠥᠰᠦᠯ ᠢ 2020-2026 ᠣᠨ ᠳᠤ ᠬᠡᠷᠡᠭᠵᠢᠭᠦᠯᠵᠦ ᠪᠠᠶᠢᠨ᠎ᠠ᠃ ᠡᠭᠦᠨ ᠳᠦ 8 ᠠᠶᠢᠮᠠᠭ ᠤᠨ 4 ᠤᠰᠤᠯᠠᠯᠲᠠ ᠶᠢᠨ ᠰᠢᠰᠲ᠋ᠧᠮ ᠢ ᠰᠢᠨᠡᠴᠢᠯᠡᠨ 7 ᠮᠢᠩᠭᠠᠨ ᠭᠠ ᠲᠠᠯᠠᠪᠠᠢ ᠶᠢ  ᠤᠰᠤᠯᠠᠯᠭ᠎ᠠ ᠲᠠᠢ ᠲᠠᠷᠢᠶᠠᠯᠠᠩ ᠤᠨ ᠡᠷᠭᠢᠯᠲᠡ ᠳᠦ ᠨᠡᠮᠡᠵᠦ ᠣᠷᠣᠭᠤᠯᠬᠤ ᠶᠤᠮ᠃
ᠥᠨᠥᠳᠥᠷ ᠦᠨ ᠪᠠᠶᠢᠳᠠᠯ ᠢᠶᠠᠷ ᠪᠠᠶᠠᠨ-ᠥᠯᠥᠭᠡᠢ᠂ ᠭᠣᠪᠢ-ᠠᠯᠲᠠᠢ᠂ ᠵᠠᠪᠬᠠᠨ᠂ ᠰᠡᠯᠡᠩᠭᠡ᠂ ᠲᠥᠪ᠂ ᠬᠣᠪᠲᠣ᠂ ᠬᠡᠨᠲᠡᠢ ᠵᠡᠷᠭᠡ 7 ᠠᠶᠢᠮᠠᠭ ᠤᠨ 10 ᠰᠤᠮᠤᠨ ᠳᠤ ᠨᠡᠶᠢᠲᠡ ᠳᠦ ᠪᠡᠨ 3031 ᠭᠠ ᠲᠠᠯᠠᠪᠠᠢ ᠶᠢ ᠤᠰᠤᠯᠠᠬᠤ ᠬᠦᠴᠦᠨ ᠴᠢᠳᠠᠯ ᠲᠠᠢ ᠤᠰᠤᠯᠠᠯᠲᠠ ᠶᠢᠨ ᠰᠢᠰᠲ᠋ᠧᠮ ᠦᠳ ᠢ ᠪᠠᠷᠢᠵᠤ ᠪᠠᠶᠢᠭᠤᠯᠬᠤ ᠳᠤ 50 ᠲᠡᠷᠪᠤᠮ ᠲᠥᠭᠦᠷᠢᠭ ᠦᠨ ᠬᠥᠷᠦᠩᠭᠡ ᠣᠷᠣᠭᠤᠯᠤᠯᠲᠠ ᠬᠢᠭᠡᠳ ᠪᠠᠶᠢᠨ᠎ᠠ᠃ ᠡᠨᠡ ᠣᠨ ᠳᠤ ᠪᠠᠭᠲᠠᠭᠠᠨ ᠡᠬᠢᠨ ᠦ ᠡᠭᠡᠯᠵᠢ ᠶᠢᠨ 2-3 ᠤᠰᠤᠯᠠᠯᠲᠠ ᠶᠢᠨ ᠰᠢᠰᠲ᠋ᠧᠮ ᠢ ᠠᠰᠢᠭᠯᠠᠯᠲᠠ ᠳᠤ ᠬᠦᠯᠢᠶᠡᠯᠭᠡᠨ ᠥᠭᠬᠦ ᠪᠡᠷ ᠠᠵᠢᠯᠯᠠᠵᠤ ᠪᠠᠶᠢᠨ᠎ᠠ᠃   ᠢᠨᠵᠧᠨᠧᠷ ᠦᠨ ᠬᠢᠴᠡ ᠲᠡᠢ ᠤᠰᠤᠯᠠᠯᠲᠠ ᠶᠢᠨ ᠰᠢᠰᠲ᠋ᠧᠮ ᠦᠳ ᠢ ᠪᠠᠶᠢᠭᠤᠯᠤᠭᠰᠠᠨ ᠢᠶᠠᠷ 3500 ᠭᠠᠷᠤᠢ ᠲᠠᠷᠢᠶᠠᠯᠠᠩ ᠡᠷᠬᠢᠯᠡᠭᠴᠢ ᠡᠷᠦᠬᠡ ᠵᠢᠯ ᠳᠦ ᠪᠡᠨ ᠳᠤᠮᠳᠠᠴᠢ ᠪᠠᠷ 8 ᠮᠢᠩᠭ᠎ᠠ ᠭᠠᠷᠤᠢ ᠲᠣᠨ ᠬᠦᠨᠡᠰᠦᠨ ᠦ ᠨᠣᠭᠣᠭ᠎ᠠ᠂ 90 ᠮᠢᠩᠭ᠎ᠠ ᠭᠠᠷᠤᠢ ᠲᠣᠨ ᠮᠠᠯ ᠤᠨ ᠲᠡᠵᠢᠭᠡᠯ  ᠦᠢᠯᠡᠳᠪᠤᠷᠢᠯᠡᠬᠦ ᠪᠣᠯᠤᠮᠵᠢ ᠲᠠᠢ ᠪᠤᠯᠬᠤ ᠶᠤᠮ᠃

ᠰᠡᠳᠬᠢᠭᠳᠡᠯ ᠦᠯᠡᠳᠡᠭᠡᠬᠦ