ᠮᠣᠩᠭᠣᠯ ᠤᠯᠤᠰ ᠤᠨ ᠰᠠᠶᠢᠳ᠂ ᠪᠣᠭᠣᠮᠲᠠ ᠶᠢᠨ ᠰᠡᠷᠭᠦᠯᠲᠡ ᠶᠢᠨ ᠦᠨᠳᠦᠰᠦᠨ ᠦ ᠬᠣᠷᠢᠶᠠᠨ ᠤ ᠳᠠᠷᠤᠭ᠎ᠠ ᠪ∙ᠲᠤᠯᠭ᠎ᠠ ᠰᠢᠪᠡᠭᠡᠬᠦ᠋ᠷᠡᠩ᠂ ᠴᠡᠭᠡ ᠪᠤᠭᠤᠮᠳᠠ ᠳᠤ ᠠᠵᠢᠯᠯᠠᠵᠤ᠂ ᠲᠡᠨᠳᠡᠬᠢ ᠶᠢᠨ ᠤᠳᠤᠷᠢᠳᠤᠯᠭ᠎ᠠ ᠪᠣᠯᠤᠨ ᠪᠤᠰᠤᠳ ᠠᠯᠪᠠᠨ ᠤ ᠬᠦᠮᠦᠰ ᠲᠠᠢ ᠠᠭᠤᠯᠵᠠᠵᠤ᠂
ᠲᠡᠮᠦᠷ ᠵᠠᠮ ᠤᠨ ᠬᠣᠯᠪᠣᠯᠲᠠ᠂ ᠸᠢᠰᠠ ᠶᠢᠨ ᠠᠰᠠᠭᠤᠳᠠᠯ᠂ ᠬᠢᠯᠢ ᠣᠷᠴᠢᠮ ᠤᠨ ᠠᠶᠠᠯᠠᠯ ᠵᠢᠭᠤᠯᠴᠢᠯᠠᠯ ᠢ ᠬᠥᠭᠵᠢᠭᠦᠯᠬᠦ᠂ ᠮᠢᠬᠠᠨ ᠤ ᠡᠺᠰᠫᠣᠷᠲ ᠲᠤ ᠡᠭᠦᠰᠦᠭᠡᠳ ᠪᠤᠢ ᠨᠥᠬᠥᠴᠡᠯ ᠪᠠᠶᠢᠳᠠᠯ᠂ ᠨᠡᠭᠦᠷᠡᠰᠦᠨ ᠦ ᠦᠨ᠎ᠡ᠂ ᠪᠣᠭᠣᠮᠲᠠ ᠶᠢᠨ ᠠᠵᠢᠯ ᠤᠨ ᠴᠠᠭ ᠤᠨ ᠭᠣᠷᠢᠮ ᠵᠡᠷᠭᠡ ᠠᠰᠠᠭᠤᠳᠠᠯ ᠢᠶᠠᠷ ᠰᠠᠨᠠᠯ ᠰᠤᠯᠢᠯᠴᠠᠪᠠ᠃
ᠠᠭᠤᠯᠵᠠᠯᠲᠠ ᠶᠢᠨ ᠦᠶ᠎ᠡ ᠪᠡᠷ ᠪ ∙ ᠲᠤᠯᠭ᠎ᠠ ᠬᠢᠲᠠᠳ ᠤᠨ ᠲᠠᠯ᠎ᠠ ᠳᠤ᠂ ᠨᠡᠭᠦᠷᠡᠰᠦᠨ ᠦ ᠡᠺᠰᠫᠣᠷᠲ ᠤᠨ ᠬᠡᠮᠵᠢᠶ᠎ᠡ ᠶᠢ ᠨᠡᠮᠡᠭᠳᠡᠭᠦᠯᠬᠦ᠂ ᠬᠢᠮᠢ ᠶᠢᠨ ᠠᠶᠤᠯ ᠲᠠᠢ ᠠᠴᠢᠶ᠎ᠠ ᠪᠣᠯᠤᠨ ᠭᠠᠵᠠᠷ ᠤᠨ ᠲᠣᠰᠤᠨ ᠤ ᠪᠦᠲᠦᠭᠡᠭᠳᠡᠬᠦᠨ ᠨᠡᠪᠲᠡᠷᠡᠭᠦᠯᠬᠦ᠂ ᠪᠣᠭᠣᠮᠲᠠ ᠶᠢᠨ ᠠᠵᠢᠯ ᠤᠨ ᠴᠠᠭ ᠤᠨ ᠭᠣᠷᠢᠮ ᠢ ᠴᠠᠢ ᠶᠢᠨ ᠴᠠᠭ ᠤᠨ ᠠᠮᠠᠷᠠᠯᠲᠠ ᠦᠭᠡᠢ ᠪᠣᠯᠭᠠᠬᠤ᠂ ᠰᠢᠪᠡᠭᠡᠬᠦ᠋ᠷᠡᠩ ᠪᠣᠭᠣᠮᠲᠠ ᠶᠢ ᠣᠯᠠᠨ ᠤᠯᠤᠰ ᠤᠨ ᠪᠣᠯᠭᠠᠬᠤ᠂ ᠠᠦ᠋ᠲ᠋ᠣᠮᠠᠲ ᠤᠳᠤᠷᠢᠳᠤᠯᠭ᠎ᠠ ᠲᠠᠢ ᠨᠡᠭᠦᠷᠡᠰᠦ ᠲᠡᠭᠡᠭᠡᠪᠦᠷᠢᠯᠡᠯᠲᠡ ᠶᠢᠨ AGV ᠢ 24 ᠴᠠᠭ ᠢᠶᠠᠷ ᠶᠠᠪᠤᠭᠤᠯᠬᠤ᠂ ᠲᠡᠮᠦᠷ ᠵᠠᠮ ᠤᠨ ᠬᠣᠯᠪᠣᠯᠲᠠ ᠶᠢᠨ ᠬᠢᠲᠠᠳ ᠤᠨ ᠲᠠᠯ᠎ᠠ ᠶᠢᠨ 3.75 ᠺᠢᠯᠣᠮᠧᠲ᠋ᠷ ᠲᠡᠮᠦᠷ ᠵᠠᠮ ᠤᠨ ᠠᠵᠢᠯ ᠢ ᠰᠢᠭᠤᠷᠬᠠᠶᠢᠯᠠᠬᠤ᠂ ᠥᠨᠳᠦᠷ ᠬᠦᠴᠦᠳᠡᠯ ᠦᠨ ᠬᠢᠲᠠᠳ ᠲᠠᠯ᠎ᠠ ᠶᠢᠨ 18 ᠺᠢᠯᠣᠮᠧᠲ᠋ᠷ ᠪᠠᠷᠢᠭᠳᠠᠬᠤ ᠱᠤᠭᠤᠮ ᠤᠨ ᠭᠠᠵᠠᠷ ᠤᠨ ᠵᠥᠪᠰᠢᠶᠡᠷᠡᠯ ᠢ ᠰᠢᠢᠳᠪᠦᠷᠢᠯᠡᠬᠦ ᠵᠡᠷᠭᠡ ᠰᠠᠨᠠᠯ ᠢ ᠲᠠᠯᠪᠢᠪᠠ᠃
ᠡᠭᠦᠨ ᠦ ᠬᠠᠷᠢᠭᠤ ᠳᠤ ᠬᠢᠲᠠᠳ ᠤᠨ ᠲᠠᠯ᠎ᠠ ᠠᠴᠠ ᠡᠨᠡ ᠵᠢᠯ ᠨᠡᠭᠦᠷᠡᠰᠦᠨ ᠦ ᠲᠡᠭᠡᠭᠡᠪᠦᠷᠢ ᠶᠢ ᠨᠡᠮᠡᠭᠳᠡᠭᠦᠯᠵᠦ 20 ᠰᠠᠶ᠎ᠠ ᠲᠣᠨ ᠳᠤ ᠬᠦᠷᠭᠡᠬᠦ᠂ ᠬᠡᠲᠦ ᠳᠦ ᠪᠡᠨ 40 ᠰᠠᠶ᠎ᠠ ᠲᠣᠨ ᠪᠣᠯᠭᠠᠬᠤ ᠠᠵᠢᠯ ᠢ ᠦᠶ᠎ᠡ ᠱᠠᠲᠤ ᠲᠠᠢ ᠪᠠᠷ ᠤᠷᠤᠭᠰᠢᠯᠠᠭᠤᠯᠬᠤ᠂ ᠲᠡᠮᠦᠷ ᠵᠠᠮ ᠤᠨ ᠲᠤᠬᠠᠢ ᠳᠤ ᠬᠣᠯᠪᠣᠭᠳᠠᠬᠤ ᠪᠠᠶᠢᠭᠤᠯᠤᠯᠭ᠎ᠠ ᠨᠤᠭᠤᠳ ᠵᠢᠷᠤᠭ ᠲᠥᠰᠦᠯ ᠦᠨ ᠠᠵᠢᠯ ᠢ ᠬᠢᠭᠰᠡᠨ ᠤᠴᠢᠷ ᠤᠳᠠᠬᠤ ᠦᠭᠡᠢ ᠡᠴᠦᠰ ᠦᠨ ᠰᠢᠢᠳᠪᠦᠷᠢ ᠭᠠᠷᠤᠨ᠎ᠠ ᠬᠡᠮᠡᠨ ᠮᠡᠳᠡᠭᠳᠡᠯ᠎ᠡ᠃